ᠨᠡᠪᠲᠡᠷᠡᠨ ᠤᠷᠤᠬᠤ
ᠳᠡᠷᠭᠡᠨ ᠦᠷᠳᠡᠭᠡᠨ ᠤ ᠳᠡᠷᠡᠭᠡᠨ ᠬᠤᠷᠤᠮ

ᠰᠠᠯᠵᠤ ᠣᠤᠠᠬᠤ ᠶᠢᠨ ᠪᠠᠭ᠍ᠳᠡᠷᠯ ᠳᠠᠢ

ᠰᠠᠨᠠᠵᠤ ᠮᠦᠷᠦᠭᠡᠳᠭᠦ ᠶᠢᠨ ᠪᠧᠯᠸᠲ᠋ ᠶᠢᠡᠨ ᠠᠪᠴᠤ

ᠦᠷᠳᠡᠭᠡᠨ ᠳᠡᠭᠢ ᠦᠴᠦᠭᠡᠨ ᠬᠤᠷᠤᠮ ᠤᠨ

ᠦᠷᠳᠡᠭ᠌ ᠢ ᠨᠢ ᠳᠠᠨᠢᠵᠤ ᠬᠠᠷᠠᠮᠯᠠᠬᠤ ᠦᠶ᠎ᠡ

ᠦᠪᠡᠷ ᠢ ᠪᠠᠨ ᠣᠢ᠌ᠯᠠᠭᠠᠯᠴᠠᠭᠰᠠᠨ ᠪᠢᠳᠠ ᠬᠤᠶᠠᠷ ᠳᠤ

ᠥᠭᠡ ᠭᠡᠯᠡ ᠦᠨᠡᠨ ᠳᠤ ᠪᠠᠨ ᠢᠯᠡᠭᠦᠤ ᠴᠤ ᠶᠤᠮ ᠡ᠃   

ᠳᠦᠭᠦᠭᠡᠷᠡᠭᠦᠯᠴᠢᠭᠡᠮᠡᠷ ᠲᠦᠮᠡᠨ ᠲᠦᠮᠡᠨ ᠥᠭᠡ

ᠳᠦᠭ᠍ᠳᠡᠷᠡᠨ ᠳᠦᠭ᠍ᠳᠡᠷᠡᠨ ᠴᠡᠭᠡᠵᠢᠨ ᠳᠤ ᠮᠠᠨᠠᠭᠳᠠᠨ᠎ᠠ

ᠳᠡᠷᠭᠡᠯ ᠰᠠᠷᠠᠨ ᠬᠠᠪᠢᠷᠭᠠᠯᠠᠬᠤ ᠥᠯᠢᠭᠡᠷ

ᠳᠡᠷᠭᠡᠨ ᠦᠷᠳᠡᠭᠡᠨ ᠳᠤ ᠳᠠᠭᠢᠵᠤ ᠡᠭᠢᠯᠡᠨ᠎ᠡ᠃

ᠭᠦᠷᠭᠡᠵᠤ ᠢᠷᠡᠭ᠍ᠰᠡᠨ ᠰᠡᠳᠭᠢᠯ ᠢ ᠴᠢᠨᠢ ᠴᠠᠷᠴᠠᠭᠠᠨ

ᠭᠦᠡᠳᠤ ᠭᠡᠮᠦᠷᠡᠯ ᠢ ᠮᠢᠨᠢ ᠬᠠᠮᠳᠤ ᠳᠤ ᠨᠢ ᠠᠴᠢᠬᠤ ᠪᠠᠷ

ᠭᠦᠷᠦᠭᠡᠳ ᠢᠷᠡᠭᠦ ᠳᠠᠷᠠ ᠳᠡᠷᠭᠡ ᠶᠢ ᠯᠠ

ᠭᠦᠯᠢᠶᠡᠵᠤ ᠰᠠᠭᠤᠨ ᠭᠤᠮᠤᠳᠠᠬᠤ ᠶᠢᠨ ᠵᠠᠢ ᠳ᠋ᠤ

ᠭᠤᠨᠢᠭ ᠵᠤᠪᠠᠯ ᠶᠢᠡᠨ ᠨᠢᠭᠤᠵᠤ ᠶᠠᠳᠠᠭᠰᠠᠨ

ᠭᠤᠮᠤᠳᠠᠯ ᠳᠤᠯᠢᠳᠠᠬᠤ ᠨᠢᠳᠤᠨ ᠳᠤ ᠴᠢᠨᠢ ᠬᠠᠯᠳᠤᠷᠢᠨ

ᠭᠠᠭᠴᠠ ᠳᠤᠰᠤᠯ ᠨᠢᠯᠪᠣᠰᠤ ᠣᠨᠠᠬᠤ ᠪᠠᠷ ᠥᠭᠡᠢ

ᠭᠠᠯ ᠰᠢᠭ ᠣᠩᠭ᠋ᠠᠰᠤᠭᠰᠠᠨ ᠵᠢᠷᠦᠭᠡ ᠣᠷᠤᠭᠤ ᠱᠠᠷᠴᠢᠭᠢᠨᠠᠨ᠎ᠠ᠁

ᠭᠠᠯᠪᠠ ᠶᠢᠨ ᠵᠠᠢ ᠢᠪᠴᠤᠷᠠᠮ᠎ᠠ

ᠭᠠᠷ ᠠᠳᠬᠤᠵᠤ ᠠᠶᠠᠷᠯᠠᠬᠤ ᠳ᠋ᠤ

ᠭᠠᠯᠳᠤ ᠳᠡᠷᠭᠡᠨ ᠤ ᠠᠭᠤᠷ ᠣᠳᠤᠭ᠎ᠠ ᠰᠢᠭ ᠵᠢᠠᠷ

ᠭᠠᠭᠴᠠᠭᠠᠷᠳᠠᠯ ᠣᠳᠠᠯ ᠦᠭᠡᠶ ᠮᠠᠨ ᠢ ᠮᠠᠨᠠᠠᠳᠤᠭᠤᠯᠤᠨ᠎ᠠ᠃

ᠭᠠᠵᠠᠷ ᠤᠨ ᠨᠢᠷᠤᠭᠤ ᠬᠤᠳᠣᠢ᠌ᠳᠠᠯ᠎ᠠ

ᠭᠠᠵᠢᠬᠤ ᠦᠭᠡᠶ ᠵᠤᠭᠰᠤᠪᠠᠴᠤ ᠬᠤᠩᠭ᠋ᠤᠷ ᠮᠢᠨᠢ

ᠬᠤᠷᠭᠤᠳᠤᠨ ᠬᠤᠷᠭᠤᠳᠤᠨ ᠬᠤᠯᠠᠳᠠᠵᠤ ᠶᠠᠳᠠᠬᠤ ᠮᠢᠨᠤ

ᠬᠣᠢ᠌ᠨ᠎ᠠ ᠡᠴᠠ ᠳᠠᠯᠠᠯᠤᠨ

ᠬᠤᠪᠢ ᠵᠠᠶᠠᠭᠠᠨ ᠤ ᠴᠡᠴᠡᠭ᠌ ᠡ᠊ᠨᠳᠡ ᠨᠢᠭᠡ ᠭᠠᠩᠬᠤᠭᠰᠠᠨ ᠢ

ᠬᠤᠵᠢᠮ ᠤᠨ ᠡᠳᠦᠷ ᠰᠡᠮᠡᠭᠡᠷ ᠰᠡᠷᠡᠭᠦ ᠶᠤᠮ

ᠳᠡᠷᠭᠡᠨ ᠦᠷᠳᠡᠭᠡᠨ ᠤ ᠳᠡᠷᠡᠭᠡᠨ  ᠬᠤᠷᠤᠮ ᠢ

ᠳᠡᠦᠭᠡᠨ ᠬᠠᠭᠤᠳᠠᠰᠤᠨ ᠳᠤ ᠪᠠᠨ ᠭᠡᠪᠯᠡᠨ ᠨᠠᠠᠳᠢᠩᠨᠠᠬᠤ ᠶᠤᠮ ᠡ


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ