☆ ᠴᠤ᠋·ᠣᠷᠭᠢᠯᠳᠤ
ᠭᠦᠭᠡ ᠢᠨᠢᠶᠠᠳᠤ
ᠭᠦᠭᠡ ᠢᠨᠢᠶᠠᠳᠤ
ᠨᠠᠢ᠌ᠰᠠᠯᠠᠯ ᠤᠨ
ᠠᠭᠤᠳᠠᠮ ᠳᠠᠯᠠᠪᠠᠢ ᠪᠠᠷ ᠵᠤᠭᠠᠴᠠᠬᠤ ᠳ᠋ᠤ
ᠳᠠᠨᠢᠯ ᠳᠠᠰᠤᠯ ᠨᠢᠭᠡᠨ ᠭᠤᠶᠤ ᠠᠪᠠᠬᠠᠢ
ᠠᠮᠤᠷ ᠢᠷᠠᠯ᠎ᠠ
ᠬᠠᠮᠢᠭ᠎ᠠ ᠦᠵᠡᠵᠤ ᠥᠩᠭᠡᠷᠡᠭ᠍ᠰᠡᠨ ᠰᠡᠭ᠌
ᠬᠠᠷᠠᠭ᠎ᠠ ᠮᠦᠷᠭᠦᠯᠵᠤ ᠳᠤᠯᠤᠭᠠᠢ ᠳᠤᠭᠢᠯ᠎ᠠ
ᠪᠠᠭᠤᠳᠠᠯ ᠳᠠᠭᠠᠨ ᠢᠷᠡᠭᠡᠳ
ᠪᠦᠳᠤᠨ ᠡᠳᠦᠷ ᠪᠣᠳᠤᠯ᠎ᠠ
ᠠᠯᠢ ᠠᠷᠢᠭᠢᠨ ᠰᠢᠷᠡᠭᠡᠨ ᠳᠡᠭᠡᠷ᠎ᠡ
ᠠᠷᠢᠭᠢ ᠪᠠᠷᠢᠭᠠᠤᠨ ᠳᠠᠭᠤᠯᠠᠵᠤ ᠪᠠᠢ᠌ᠭᠰᠠᠨ ᠰᠢᠭ᠌ ᠰᠠᠨᠠᠭᠳᠠᠨ᠎ᠠ
ᠠᠯᠢ ᠠᠢ᠌ᠯ ᠤᠨ ᠬᠤᠷᠢᠮ ᠳᠡᠭᠡᠷ᠎ᠡ
ᠠᠢ᠌ᠯ ᠤᠨ ᠭᠡᠦᠭᠡᠨ ᠳᠤ ᠪᠠᠷᠭᠡᠯᠡᠵᠤ ᠪᠠᠢ᠌ᠭᠰᠠᠨ ᠰᠢᠭ᠌ ᠰᠠᠨᠠᠭᠳᠠᠨ᠎ᠠ
ᠠᠯᠢ ᠨᠢᠭᠡ ᠨᠤᠶᠠᠨ ᠤ ᠪᠢᠴᠢᠭᠡᠴᠢ ᠪᠣᠯᠤᠭᠠᠤᠨ
ᠬᠠᠮᠳᠤ ᠬᠤᠭᠤᠯᠠᠯᠠᠵᠤ ᠪᠠᠢ᠌ᠭᠰᠠᠨ ᠰᠢᠭ᠌ ᠪᠣᠳᠤᠭᠳᠠᠨ᠎ᠠ
ᠠᠯᠢᠶ᠎ᠠ ᠭᠦᠭᠡᠷᠦᠭᠡᠨ ᠪᠦᠵᠢᠭ᠌ ᠤᠨ ᠳᠠᠩᠭᠢᠮ ᠳ᠋ᠤ
ᠬᠠᠮᠳᠤ ᠪᠦᠵᠢᠭᠯᠡᠵᠤ ᠪᠠᠢ᠌ᠭᠰᠠᠨ ᠰᠢᠭ ᠪᠣᠳᠤᠭᠳᠠᠨ᠎ᠠ᠃
ᠶᠠᠭᠠᠭᠢᠵᠤ ᠪᠣᠳᠤᠭᠰᠠᠨ ᠴᠤ ᠪᠣᠳᠤᠵᠤ ᠣᠯᠤᠭᠰᠠᠨ ᠦᠭᠡᠶ ᠬᠠᠷᠢᠵᠤ ᠢᠷᠠᠪᠠ
ᠭᠡᠳᠤᠨ ᠭᠠᠷᠠᠭ ᠤᠨ ᠨᠢᠭᠡᠨ ᠦᠷᠯᠦᠭᠡ
ᠠᠰᠠᠷ ᠤᠨ ᠬᠤᠩᠭᠢᠯ ᠶᠢᠡᠷ ᠪᠠᠭᠤᠬᠤ ᠳᠤ
ᠠᠵᠢᠯ ᠳᠠᠭᠠᠨ ᠭᠠᠷᠬᠤ ᠤᠤ ︖ ᠭᠢᠵᠤ
ᠠᠢ᠌ᠮᠠᠭ ᠤᠨ ᠪᠦᠰᠡᠭᠦᠢ ᠢᠨᠢᠶᠠᠮᠰᠦᠭᠯᠠᠯᠠ
ᠠᠷᠪᠠᠨ ᠭᠡᠳᠤᠨ ᠵᠢᠯ ᠨᠢᠭᠡ ᠠᠰᠠᠷ ᠤᠨ ᠨᠢᠭᠡ ᠬᠤᠩᠭᠢᠯ ᠤᠨ
ᠠᠢ᠌ᠮᠠᠭ ᠪᠠᠢ᠌ᠭᠰᠠᠨ ᠶᠢᠡᠨ ᠳᠠᠨᠢᠭᠠᠤᠨ
ᠠᠰᠢ ᠭᠡᠳ
ᠠᠯᠠᠭ᠎ᠠ ᠪᠠᠷ ᠶᠢᠡᠨ ᠮᠠᠩᠨᠠᠢ ᠪᠠᠨ ᠳᠡᠯᠳᠡᠭᠡᠳ
ᠢᠴᠢᠭᠦ᠂ ᠢᠨᠢᠶᠡᠭᠦ ᠬᠤᠤᠰᠯᠠᠪᠠ
ᠲ᠋ᠠᠭᠠᠷᠢᠭᠳᠠᠭᠰᠠᠨ ᠳᠠᠢ᠌ᠵᠢ
ᠭᠤᠴᠢᠨ ᠭᠡᠳᠤᠨ ᠵᠢᠯ ᠠᠵᠢᠯᠯᠠᠵᠤ
ᠬᠤᠷᠢᠨ ᠭᠡᠳᠤᠨ ᠵᠢᠯ ᠳᠠᠷᠤᠭᠠᠯᠠᠭᠰᠠᠨ ᠳᠠᠢ᠌ᠵᠢ
ᠠᠯᠪᠠᠨ ᠶᠤᠰᠤᠭᠠᠷ ᠠᠵᠢᠯ ᠡᠴᠠ ᠪᠠᠨ ᠪᠠᠭᠤᠯ᠎ᠠ
ᠭᠡᠷ ᠲᠡᠭᠡᠨ ᠬᠠᠷᠢᠬᠤ ᠪᠠᠷ
ᠡᠳᠦᠷ ᠰᠦᠨᠢ ᠦᠭᠡᠶ ᠨᠠᠢ᠌ᠯᠠᠵᠤ ᠶᠠᠪᠣᠳᠠᠭ
ᠡᠩᠭᠦᠷᠡᠢ ᠬᠠᠢ᠌ᠷᠠᠳᠤ ᠵᠢᠯᠤᠭᠤᠴᠢ ᠳᠠᠭᠠᠨ ᠣᠳᠠᠰᠤᠳᠠᠯ᠎ᠠ᠂
ᠸᠸᠢ ︕ ᠨᠠᠮᠢ᠋ᠢ ᠭᠡᠷ ᠲᠤ ᠭᠦᠷᠭᠡᠭᠡᠳ ᠠᠯᠢ ︕
ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ
ᠳᠠᠷᠠᠭ᠎ᠠ ᠨᠢ
ᠬᠠᠮ ᠳᠠᠮ ᠪᠣᠯᠵᠤ ᠠᠵᠢᠯ ᠭᠦᠢᠴᠡᠳᠭᠡᠳᠡᠭ᠌
ᠨᠠᠷᠢᠨ ᠪᠢᠴᠢᠭᠡᠴᠢ ᠳᠡᠭᠡᠨ ᠣᠳᠠᠰᠤᠳᠠᠯ᠎ᠠ
ᠸᠸᠢ ︕ ᠨᠠᠮᠢ᠋ᠢ ᠭᠡᠷ ᠲᠤ ᠭᠦᠷᠭᠡᠭᠡᠳ ᠠᠯᠢ ︕
ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ
ᠠᠷᠭ᠎ᠠ ᠦᠭᠡᠶ ᠳ᠋ᠡᠭᠡᠨ
ᠠᠯᠪᠠᠨ ᠭᠡᠷ᠂ ᠰᠢᠷᠡᠭᠡ ᠰᠠᠠᠳᠠᠯᠢ᠂ ᠬᠤᠪᠴᠠᠰᠤ ᠬᠤᠨᠠᠷ ᠳᠡᠭ᠍ᠰᠢᠯᠡᠳᠡᠭ᠌
ᠴᠡᠪᠠᠷᠯᠡᠭ᠍ᠴᠢ ᠳᠡᠭᠡᠨ ᠣᠳᠠᠰᠤᠳᠠᠯ᠎ᠠ ᠂
ᠸᠧᠢ ︕ ᠨᠠᠮᠢ᠋ᠢ ᠭᠡᠷ ᠲᠤ ᠭᠦᠷᠭᠡᠭᠡᠳ ᠠᠯᠢ ︕
ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ
ᠬᠠᠮᠤᠭ ᠤᠨ ᠰᠡᠭᠦᠯ ᠳ᠋ᠤ
ᠡᠳᠦᠷ ᠲᠡᠭᠡᠨ ᠡᠭᠡᠨᠡᠷ ᠬᠡᠦᠬᠡᠳ ᠢ ᠨᠠᠰᠢ ᠴᠠᠰᠢ ᠭᠦᠷᠭᠡᠳᠡᠭ᠌
ᠨᠠᠢ᠌ᠵᠠ ᠳᠠᠭᠠᠨ ᠣᠳᠠᠰᠤᠳᠠᠯ᠎ᠠ
ᠸᠧᠢ ︕ ᠨᠠᠮᠢ᠋ᠢ ᠭᠡᠷ ᠲᠤ ᠭᠦᠷᠭᠡᠭᠡᠳ ᠠᠯᠢ ︕
ᠪᠢ ᠶᠠᠭᠠᠷᠠᠵᠤ ᠪᠠᠢ᠌ᠨ᠎ᠠ ᠭᠡᠳ ᠣᠳᠠᠰᠤ ᠬᠠᠭᠠᠭᠳᠠᠯ᠎ᠠ
ᠳᠠᠪᠢ ᠭᠦᠷᠴᠤ
ᠳᠠᠭᠠᠷᠢᠭᠳᠠᠭᠰᠠᠨ ᠳᠠᠢ᠌ᠵᠢ
ᠳᠠᠭᠢᠵᠤ ᠣᠳᠠᠰᠤ ᠠᠪᠣᠭᠰᠠᠨ ᠥᠭᠡᠢ ᠂
ᠠᠢ ᠳ᠋ᠠ ︕ ᠭᠡᠳ
ᠠᠯᠬᠤᠭᠠᠤᠨ ᠶᠠᠪᠣᠬᠤ ᠨᠢ
ᠵᠤᠬᠢᠶᠠᠭᠴᠢ ᠶᠢᠨ ᠬᠠᠶᠢᠭ ᠄ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 11 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ