☆ ᠰᠤᠳᠤᠡᠷᠳᠡᠨᠢ
ᠡᠪᠦᠯ ᠤᠨ ᠥᠷᠯᠦᠭᠡ
ᠠᠭᠤᠯᠠ ᠶᠢᠨ ᠭᠢᠷ᠎ᠠ ᠪᠠᠷ ᠭᠢᠷᠠᠭᠤ ᠮᠥᠩᠭᠦᠷᠡᠨ
ᠴᠠᠪ ᠴᠡᠯᠮᠡᠭᠦᠨ
ᠣᠳᠠᠨ ᠤ ᠮᠦᠴᠢᠷ ᠨᠠᠪᠴᠢᠰ ᠶᠢᠡᠨ ᠰᠠᠨᠠᠨ
ᠳᠤᠪ ᠳᠤᠭᠤᠢ
ᠴᠠᠢ᠌ᠪᠠᠭᠠᠷ ᠨᠠᠷᠠᠨ ᠠᠭᠤᠯᠠᠨ ᠳᠤᠯᠤᠭᠠᠢ ᠳ᠋ᠤ
ᠪᠦᠮᠪᠦᠭᠡᠨᠡᠨ
ᠴᠠᠰᠤᠳᠤ ᠳᠠᠯ᠎ᠠ ᠪᠠᠷ ᠳᠠᠤᠯᠠᠢ ᠣᠷᠤᠯᠳᠤᠨ
ᠳᠠᠪᠭᠢᠯᠳᠤᠨᠠ᠃
ᠬᠤᠷᠯᠤᠤ ᠳᠤᠭᠤᠨᠤᠳᠤ ᠡᠴᠡ ᠣᠳᠤᠭ᠎ᠠ ᠰᠤᠨᠤᠭᠯᠠᠨ
ᠳᠡᠭ᠍ᠷᠢ ᠳᠤ ᠵᠠᠯᠭᠠᠨ᠎ᠠ
ᠬᠤᠯᠠ ᠮᠤᠷᠢᠨ ᠤ ᠴᠢᠭᠢ ᠰᠠᠷᠳᠠᠯᠵᠢᠨ ᠠᠨᠢᠷ
ᠴᠢᠩᠨᠠᠨ᠎ᠠ
ᠠᠳᠤᠭᠤᠴᠢᠨ ᠪᠢ ᠬᠤᠰᠤᠨ ᠣᠷᠭ᠎ᠠ ᠪᠠᠨ ᠣᠶᠠᠭᠠᠨ
ᠳᠡᠭᠡᠷ᠎ᠡ ᠬᠠᠳᠬᠤᠬᠤ ᠳᠤ
ᠠᠭ᠎ᠠ ᠲᠡᠶ ᠴᠠᠢ ᠶᠢᠨ ᠰᠤᠳᠤᠨ ᠦᠨᠦᠷ ᠰᠡᠳᠭᠢᠯ ᠳ᠋ᠤ
ᠰᠠᠩᠭᠢᠨᠠᠨ᠎ᠠ᠃
ᠵᠤᠬᠢᠶᠠᠭᠴᠢ᠄ ᠰᠤᠳᠤᠡᠷᠳᠡᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2913
ᠴᠠᠭ᠄ 2009 ᠤᠨ ᠤ 04 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ