☆ ᠭᠦᠷᠵᠡᠪ
ᠦᠵᠦᠮᠤᠴᠢᠨ ᠣᠨᠢᠰᠤᠭ᠎ᠠ
ᠡᠳᠡᠭᠡᠷ ᠣᠨᠢᠰᠤᠭ᠎ᠠ ᠪᠣᠯ ᠮᠢᠨᠤ 1984 ᠣᠨ ᠤ ᠡᠪᠦᠯ ᠤᠨ ᠰᠡᠭᠦᠯᠴᠢ᠂ 1985 ᠣᠨ ᠤ ᠬᠠᠪᠣᠷ ᠤᠨ ᠡᠭᠢ ᠪᠠᠷ ᠦᠪᠣᠷ ᠮᠤᠩᠭ᠋ᠤᠯ ᠤᠨ ᠦᠨᠳᠦᠰᠦᠳᠠᠨ ᠤ ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠢ᠌ᠬᠤ ᠳᠠᠭᠠᠨ ᠡᠪᠦᠯ ᠤᠨ ᠠᠮᠠᠷᠠᠯᠳᠠ ᠶᠢᠨ ᠳᠠᠰᠬᠠᠯ ᠪᠣᠯᠭᠠᠵᠤ᠂ ᠦᠪᠡᠷ ᠤᠨ ᠨᠤᠳᠤᠭ (ᠦᠵᠦᠮᠤᠴᠢᠨ) ᠡᠴᠡ ᠪᠠᠨ ᠴᠤᠭᠯᠠᠭᠤᠯᠤᠭᠰᠠᠨ ᠣᠨᠢᠰᠤᠭ᠎ᠠ ᠤᠳ ᠪᠣᠯᠬᠤ ᠶᠤᠮ᠃ ᠪᠦᠷ ᠴᠤ ᠦᠵᠦᠮᠤᠴᠢᠨ ᠨᠤᠳᠤᠭ ᠲᠤ ᠯᠠ ᠭᠡᠯᠡᠭ᠍ᠳᠡᠳᠡᠭ᠌ ᠥᠭᠡᠷ᠎ᠡ ᠭᠠᠵᠠᠷ ᠳᠠᠮᠠᠢ ᠭᠡᠯᠡᠭ᠍ᠳᠡᠳᠡᠭ᠌ ᠦᠭᠡᠶ ᠣᠨᠢᠰᠤᠭ᠎ᠠ ᠤᠳ ᠪᠣᠯᠤᠨ᠎ᠠ᠃ ᠦᠨᠦᠳᠤᠷ ᠠᠪᠴᠤ ᠭᠠᠷᠭᠠᠨ ᠣᠩᠰᠢᠬᠤ ᠳᠤ ᠳᠤᠩ ᠰᠤᠨᠢᠷᠬᠠᠯᠳᠠᠢ ᠪᠦᠭᠡᠳ ᠰᠤᠳᠤᠯᠤᠭᠤᠰᠢᠳᠠᠢ ᠴᠤ ᠶᠤᠮ ᠦᠦ ᠭᠡᠮᠡᠷ ᠰᠠᠨᠠᠭᠳᠠᠯ᠎ᠠ᠃
ᠡᠳᠡᠭᠡᠷ ᠣᠨᠢᠰᠤᠭ᠎ᠠ ᠶᠢ ᠴᠤᠭᠯᠠᠭᠤᠯᠤᠭᠠᠤᠨ ᠪᠢ᠂ ᠨᠢᠭᠡᠨᠲᠡ ᠬᠤᠷᠢᠨ ᠳᠠᠪᠣ ᠵᠢᠷᠭᠤᠭᠠᠨ ᠵᠢᠯ ᠪᠣᠯᠴᠢᠬᠠᠵᠠᠢ᠃ ᠡᠳᠡᠭᠡᠷ ᠣᠨᠢᠰᠤᠭ᠎ᠠ ᠨᠢ ᠳᠠᠷᠠ ᠦᠶ᠎ᠡ ᠳᠤ᠂ ᠡᠩ ᠳᠡᠭᠡᠨ ᠊᠊᠊᠊᠊᠊᠊᠊᠊᠊᠊᠊᠊᠊᠊ ᠨᠠᠢ᠌ᠳᠠᠮ ᠳᠡᠭᠡᠨ ᠭᠡᠯᠡᠭ᠍ᠳᠡᠵᠤ ᠶᠠᠷᠢᠭᠳᠠᠵᠤ ᠪᠠᠢ᠌ᠭᠰᠠᠨ ᠣᠨᠢᠰᠤᠭ᠎ᠠ ᠤᠳ ᠪᠣᠯᠬᠤ ᠪᠢᠯᠠ᠃ ᠣᠳᠤ ᠳᠠᠮᠠᠢ ᠭᠡᠯᠡᠭ᠍ᠳᠡᠭᠦ ᠦᠭᠡᠶ ᠪᠣᠯᠵᠠᠢ᠃ ᠭᠡᠯᠡᠭ᠍ᠳᠡᠭᠦ ᠪᠠᠷ ᠪᠣᠳᠤᠭᠰᠠᠨ ᠴᠤ ᠭᠡᠯᠡᠳᠡᠭ᠌ ᠭᠦᠮᠤᠨ ᠨᠢ ᠭᠡᠳᠦᠭᠡᠨ ᠪᠣᠯᠴᠢᠬᠠᠵᠠᠢ᠃
ᠡᠳᠡᠭᠡᠷ ᠣᠨᠢᠰᠤᠭ᠎ᠠ ᠶᠢ ᠣᠩᠰᠢᠨ ᠰᠠᠭᠤᠬᠤ ᠳᠤ ᠡᠯᠪᠠᠭ᠌ ᠮᠤᠩᠭ᠋ᠤᠯ ᠠᠮᠢᠳᠤᠷᠠᠯ ᠳᠤᠷᠠᠰᠤᠭᠳᠠᠨ᠎ᠠ ᠡᠯᠳᠡᠩ ᠪᠠᠶᠠᠯᠢᠭ ᠭᠡᠯᠡ ᠰᠠᠨᠠᠭᠳᠠᠨ᠎ᠠ ᠡᠷᠳᠡ ᠳᠡᠭᠡᠳᠤ ᠶᠢᠨ ᠵᠠᠩᠰᠢᠯ ᠪᠣᠳᠤᠭᠳᠠᠨ᠎ᠠ ᠡᠷᠭᠢᠭᠦᠯᠵᠤ ᠠᠪᠴᠢᠷᠠᠵᠤ ᠴᠢᠳᠠᠰᠢ ᠦᠭᠡᠶ ᠳᠡᠦᠭᠡ ᠮᠥᠷᠦᠭᠡᠳᠦᠭ᠍ᠳᠡᠨᠡ᠃ ᠡᠳᠡᠭᠡᠷ ᠣᠨᠢᠰᠤᠭ᠎ᠠ ᠡᠴᠡ ᠪᠢᠳᠠ ᠡᠷᠳᠡᠨ ᠤ ᠭᠡᠯᠡᠯᠭᠡ ᠶᠢ ᠰᠤᠷᠴᠤ ᠪᠣᠯᠤᠨ᠎ᠠ ᠡᠴᠢᠭᠡ ᠳᠡᠭᠡᠳᠦᠰ ᠤᠨ ᠶᠢᠡᠨ ᠵᠠᠩᠰᠢᠯ (ᠰᠤᠶᠤᠯ) ᠢ ᠣᠢ᠌ᠯᠭᠠᠵᠤ ᠪᠣᠯᠤᠨ᠎ᠠ ᠡᠷᠭᠢᠮ ᠨᠠᠠᠳᠢᠨ ᠦᠪ ᠶᠢᠡᠨ ᠳᠠᠨᠢᠵᠤ ᠪᠣᠯᠤᠨ᠎ᠠ ᠡᠷᠭᠢᠭᠡᠳ ᠴᠠᠭᠠᠰᠢ ᠪᠠᠨ ᠦᠪᠯᠠᠵᠤ ᠵᠠᠯᠭᠠᠮᠵᠢᠯᠠᠵᠤ ᠠᠪᠴᠤ ᠪᠣᠯᠤᠨ᠎ᠠ᠁ ᠢᠩᠭᠢᠭᠡᠳ ᠪᠢ ᠦᠪᠡᠷ ᠤᠨ ᠳᠠᠷᠠ ᠦᠶ᠎ᠡ ᠳᠤ ᠴᠤᠭᠯᠠᠭᠤᠯᠤᠭᠰᠠᠨ ᠣᠨᠢᠰᠤᠭ᠎ᠠ (ᠨᠢᠭᠡ ᠠᠮᠠᠷᠠᠯᠳᠠ ᠶᠢᠨ ᠬᠤᠭᠤᠴᠠᠭᠠᠨ᠎ᠠ ᠪᠦᠭᠦᠳᠡ110 ᠣᠨᠢᠰᠤᠭ᠎ᠠ ᠳᠡᠮᠳᠡᠭᠯᠡᠵᠤ ᠴᠤᠭᠯᠠᠭᠤᠯᠪᠠ) ᠡᠴᠡ ᠪᠠᠨ ᠰᠤᠩᠭ᠋ᠤᠨ ᠡ᠊ᠨᠳᠡ ᠨᠡᠢ᠌ᠳᠡᠯᠡᠭᠦᠯᠭᠦ ᠶᠢ ᠵᠤᠷᠢᠪᠠ᠃ ᠳᠠᠨᠠᠷ ᠲᠤ ᠳᠠᠭᠠᠰᠢᠶᠠᠭᠳᠠᠬᠤ ᠪᠣᠯᠳᠤᠭᠠᠢ︕
1. ᠳᠤᠠᠳᠠ (ᠲ᠋ᠤᠮᠳᠠ) ᠪᠠᠨ ᠨᠥᠭᠡ ᠲᠡᠶ ᠳᠤᠩᠭ᠋ᠣᠢ᠌ᠷᠤᠭᠤᠯ
ᠮᠤᠳᠤᠨ ᠰᠡᠭᠦᠯ ᠲᠡᠶ ᠴᠢᠭᠢᠶᠠᠳᠤᠷᠤᠤ
(ᠠᠯᠤᠬ᠎ᠠ)
2. ᠢᠰᠢᠭᠡᠨ ᠡᠪᠠᠷ
ᠢᠨᠠᠩ ᠳᠢᠨᠠᠩ
(ᠮᠤᠩᠭ᠋ᠤᠯ ᠭᠡᠷ ᠤᠨ ᠬᠠᠨ᠎ᠠ ᠶᠢᠨ ᠳᠤᠯᠤᠭᠠᠢ)
3. ᠭᠡᠷ ᠶᠢᠡᠷ ᠳᠦᠭᠦᠷᠡᠩ
ᠣᠪᠣᠯᠠᠭ ᠳᠤᠪᠣᠯᠠᠭ
(ᠮᠤᠩᠭ᠋ᠤᠯ ᠭᠡᠷ ᠤᠨ ᠬᠠᠨ᠎ᠠ ᠶᠢᠨ ᠥᠳᠡᠭᠡᠷᠢ)
4. ᠵᠠᠭᠤᠨ ᠳᠡᠮᠡᠭᠡᠨ ᠳᠤᠳᠤᠷ᠎ᠠ
ᠵᠠᠭᠤᠳᠠᠭ ᠬᠠᠷ᠎ᠠ ᠪᠣᠤᠷ᠎ᠠ
(ᠮᠤᠩᠭ᠋ᠤᠯ ᠭᠡᠷ ᠤᠨ ᠳᠤᠭᠤᠨᠤ ᠶᠢᠨ ᠭᠤᠤᠯ)
5. ᠣᠩᠨᠢᠭᠤᠳ ᠤᠨ ᠳᠡᠮᠡᠭᠡ
ᠣᠯᠠᠨ ᠴᠠᠭᠠᠨ ᠲᠦᠷᠦ ᠳᠠᠢ
(ᠮᠤᠩᠭ᠋ᠤᠯ ᠭᠡᠷ ᠤᠨ ᠣᠨᠢ)
6. ᠭᠡᠷ ᠤᠨ ᠬᠣᠢ᠌ᠨ᠎ᠡ
ᠭᠡᠳᠡᠩ ᠭᠤᠳᠤᠩ
(ᠮᠤᠩᠭ᠋ᠤᠯ ᠭᠡᠷ ᠤᠨ ᠡᠷᠦᠭᠡᠨ ᠣᠭᠤᠰᠤᠷ)
7. ᠡᠷᠭᠢᠭᠦᠯᠭᠡᠨ ᠳᠡᠭᠡᠷ᠎ᠡ
ᠡᠳᠡᠷ ᠡᠳᠡᠷ
ᠡᠯᠵᠢᠭᠡᠨ ᠰᠡᠭᠦᠯ
ᠭᠤᠳᠤᠷ ᠭᠤᠳᠤᠷ
(ᠯᠠ)
8. ᠳᠤᠩ ᠰᠤᠮᠤ ᠪᠠᠷ
ᠮᠤᠳᠤᠨ ᠫᠠᠢ ᠬᠠᠷᠪᠣᠨ᠎ᠠ
(ᠦᠨᠢᠶ᠎ᠡ ᠰᠠᠭᠠᠬᠤ)
9. ᠰᠦᠨᠢ ᠴᠠᠭᠠᠨ
ᠡᠳᠦᠷ ᠬᠠᠷ᠎ᠠ
(ᠬᠤᠨᠢᠨ ᠤ ᠬᠤᠳᠠ)
10. ᠳᠠᠪᠤᠨ ᠰᠢᠷ᠎ᠠ ᠨᠤᠬᠠᠢ
ᠡᠳᠦᠷ ᠣᠶᠠᠭᠠᠳᠠᠢ
ᠰᠦᠨᠢ ᠳᠠᠯᠪᠢᠭᠠᠰᠤᠳᠠᠢ
(ᠲ᠋ᠠᠪᠠᠯ ᠤᠨ ᠳᠤᠪᠴᠢ)
11. ᠭᠦᠷᠡᠭ᠍ᠴᠢ ᠦᠨᠢᠶ᠎ᠡ ᠭᠦᠷ ᠭᠦᠷ
ᠭᠦᠷᠡᠩ ᠳᠤᠭᠤᠯ ᠭᠤᠳ ᠭᠤᠳ
ᠰᠢᠷ᠎ᠠ ᠯᠠᠮᠠ ᠯᠠᠭ ᠯᠠᠭ
(ᠠᠢ᠌ᠷᠠᠭ ᠪᠦᠯᠢᠭᠦ)
12. ᠭᠦᠨ ᠬᠤᠤᠠᠳᠤᠭ ᠤᠨ ᠢᠷᠤᠭᠤᠷ ᠳᠤ
ᠭᠦᠩᠭᠡᠷ ᠴᠠᠭᠠᠨ ᠰᠢᠪᠠᠭᠤ
(ᠬᠤᠪᠣᠭᠤ)
13. ᠪᠣᠷᠤ ᠳᠠᠭ᠎ᠠ
ᠪᠣᠠᠳᠠᠭᠠᠨᠠᠭᠰᠠᠭᠠᠷ ᠳᠠᠷᠭᠤᠯᠠᠨ᠎ᠠ
(ᠣᠳᠠᠰᠤ ᠡᠭᠡᠷᠡᠭᠦ)
14. ᠭᠦᠭᠡ ᠳᠡᠮᠡᠭᠡ
ᠭᠡᠪᠳᠡᠭᠡ ᠪᠠᠷ ᠶᠢᠡᠨ ᠳᠠᠷᠭᠤᠯᠠᠨ᠎ᠠ
(ᠦᠨᠡᠰᠤᠨ ᠣᠪᠣᠭ᠎ᠠ)
15. ᠭᠡᠷ ᠲᠤ ᠭᠤᠷᠪᠠ
ᠭᠠᠳᠠᠭ᠎ᠠ ᠳᠦᠷᠪᠡ
(ᠲ᠋ᠤᠯᠭ᠎ᠠ ᠶᠢᠨ ᠳᠤᠳᠤᠭᠤ᠂ ᠡᠷᠦᠭᠡᠨ ᠣᠭᠤᠰᠤᠷ)
16. ᠡᠳᠦᠷ ᠭᠤᠷᠪᠠᠯᠵᠢᠨ
ᠰᠦᠨᠢ ᠳᠦᠷᠪᠡᠯᠵᠢᠨ
(ᠮᠤᠩᠭ᠋ᠤᠯ ᠭᠡᠷ ᠤᠨ ᠡᠷᠦᠭᠡ)
17. ᠭᠦᠵᠦᠭᠦᠤ ᠦᠭᠡᠶ ᠳᠡᠮᠡᠭᠡ
ᠪᠠᠭᠡᠵᠢᠩ ᠭᠦᠷᠤᠨ᠎ᠡ
(ᠵᠠᠮ)
18. ᠠᠷᠤ ᠳᠡᠭᠡᠷ᠎ᠡ
ᠠᠷᠪᠠᠨ ᠴᠠᠭᠠᠨ ᠭᠡᠷ
ᠬᠣᠢ᠌ᠳᠤ ᠳᠡᠭᠡᠷ᠎ᠡ
ᠬᠤᠷᠢᠨ ᠴᠠᠭᠠᠨ ᠭᠡᠷ
(ᠭᠠᠷ᠂ ᠭᠦᠯ ᠤᠨ ᠭᠢᠮᠤᠰᠤ)
19. ᠪᠠᠷᠭᠤᠠᠳᠠᠢ ᠡᠴᠡ ᠢᠷᠡᠭ᠍ᠰᠡᠨ
ᠪᠠᠭ᠎ᠠ ᠬᠠᠷ᠎ᠠ
ᠡ᠊ᠨᠳᠡᠭᠢ ᠵᠢᠨ
ᠡᠯᠪᠠᠭ᠌ ᠬᠠᠷ᠎ᠠ
(ᠴᠠᠢ᠂ ᠣᠰᠤ)
20. ᠠᠯᠳᠠᠯᠠᠪᠠᠯ
ᠠᠷᠪᠠᠨ ᠬᠤᠶᠠᠷ ᠠᠯᠳᠠ
ᠠᠮᠠᠯᠠᠪᠠᠯ
ᠭᠤᠷᠪᠠᠨ ᠵᠠᠭᠤ ᠵᠢᠷᠠ
(ᠨᠢᠭᠡ ᠵᠢᠯ)
21. ᠲᠦᠮᠡᠳ ᠲᠤ ᠭᠢᠭ᠍ᠰᠡᠨ
ᠲ᠋ᠠᠮᠤᠷ ᠳᠤᠭᠤᠭ᠎ᠠ
ᠮᠠᠠᠵᠤ ᠳᠤ ᠭᠢᠭ᠍ᠰᠡᠨ
ᠮᠠᠢ᠌ᠬᠠᠨ ᠤ ᠳᠤᠯᠭᠠᠭᠤᠷᠢ
ᠮᠠᠨ ᠤ ᠭᠦᠮᠤᠨ ᠤ ᠦᠭᠡᠶ ᠭᠠᠵᠠᠷ
ᠮᠠᠫᠠᠨ (ᠶᠠᠷᠰᠢᠭ) ᠦᠭᠡᠶ ᠰᠠᠢ᠌ᠬᠠᠨ ᠳᠤᠭᠳᠠᠭᠠᠯ ᠳᠠᠢ
(ᠵᠢᠩ᠂ ᠵᠢᠩᠯᠡᠭᠦᠷ)
22. ᠳᠤᠯᠤᠭᠠᠢ ᠦᠭᠡᠶ ᠪᠠᠢ᠌ᠭᠠᠤᠨ ᠳᠠᠷᠢᠭᠢ ᠳᠠᠢ
ᠡᠷᠡᠤ ᠦᠭᠡᠶ ᠪᠠᠢ᠌ᠭᠠᠤᠨ ᠭᠡᠯᠡ ᠳᠠᠢ
(ᠲ᠋ᠡᠪᠢᠭᠦᠷ)
23. ᠪᠦᠳᠦᠭᠦᠨ ᠡᠪᠦᠭᠡᠨ
ᠪᠦᠰᠡ ᠪᠠᠨ ᠪᠦᠰᠡᠯᠡᠵᠤ ᠴᠢᠳᠠᠬᠤ ᠥᠭᠡᠢ
(ᠮᠤᠩᠭ᠋ᠤᠯ ᠭᠡᠷ)
24. ᠦᠨᠳᠦᠷ ᠡᠪᠦᠭᠡᠨ
ᠥᠰᠦᠭᠡᠢ ᠳᠡᠭᠡᠨ ᠰᠠᠬᠠᠯ ᠳᠠᠢ
(ᠰᠤᠩᠭᠢᠨ᠎ᠠ)
25. ᠴᠠᠭᠠᠰᠤᠨ ᠳᠤ ᠪᠣᠭᠤᠳᠠᠰᠤᠳᠠᠢ
ᠴᠠᠭᠠᠳᠠᠨ ᠤ ᠭᠦᠤ
ᠲ᠋ᠠᠷᠠ ᠶᠢ ᠳᠠᠢ᠌ᠯᠬᠤ ᠦᠭᠡᠶ ᠪᠣᠯ
ᠸᠠᠩᠪᠠ ᠶᠢᠨ ᠭᠦᠤ
(ᠰᠠᠷᠢᠮᠰᠤᠭ)
26. ᠦᠨᠳᠦᠷ ᠡᠪᠦᠭᠡᠨ
ᠦᠷᠦᠭᠡᠰᠤᠨ ᠴᠢᠭᠢ ᠳᠠᠢ
(ᠭᠦᠡᠵᠤ)
27. ᠭᠠᠬᠠᠢ ᠥᠭᠡᠷ᠎ᠡ ᠦᠭᠡᠶ ᠭᠡᠳᠡᠰᠤ ᠳᠠᠢ
ᠭᠠᠷᠬᠠᠨ ᠬᠤᠶᠠᠷ ᠳᠠᠯᠠᠪᠴᠢ ᠳᠠᠢ
ᠨᠤᠬᠠᠢ ᠥᠭᠡᠷ᠎ᠡ ᠦᠭᠡᠶ ᠰᠡᠭᠦᠯ ᠳᠠᠢ
ᠨᠤᠶᠠᠨ ᠥᠭᠡᠷ᠎ᠡ ᠦᠭᠡᠶ ᠵᠢᠩᠰᠠ ᠳᠠᠢ
(ᠲ᠋ᠠᠪᠣᠷᠠ)
28. ᠳᠠᠪᠤᠨ ᠬᠡᠦᠬᠡᠳ ᠤᠨ ᠬᠣᠢ᠌ᠨ᠎ᠡ ᠡᠴᠡ
ᠲ᠋ᠠᠷᠠ ᠪᠠᠨ ᠪᠠᠷᠠᠭᠰᠠᠨ ᠬᠦᠵᠢᠭᠡᠷ
(ᠭᠦᠯ ᠤᠨ ᠥᠰᠦᠭᠡᠢ)
29. ᠬᠤᠳᠠ ᠨᠢ ᠢᠷᠠᠵᠠᠢ
ᠬᠤᠷᠠᠭ᠎ᠠ ᠪᠠᠨ ᠳᠦᠭᠦᠭᠡᠷᠡᠵᠡᠢ
ᠬᠤᠳᠠ ᠨᠢ ᠰᠢᠳᠤ ᠥᠭᠡᠢ
ᠬᠤᠷᠠᠭ᠎ᠠ ᠨᠢ ᠶᠠᠰᠤ ᠥᠭᠡᠢ
(ᠬᠡᠦᠬᠡᠳ ᠭᠦᠭᠦᠭᠦᠯᠭᠦ)
30. ᠦ᠊ (7) ᠭᠤᠸᠠᠢ ᠶᠢᠨ ᠠᠳᠤᠭᠤ ᠨᠢ
ᠦᠷᠭᠦᠭᠡᠳ ᠭᠠᠷᠤᠯ᠎ᠠ
ᠦᠷᠢᠶᠠᠨ ᠠᠵᠢᠷᠭ᠎ᠠ ᠨᠢ
ᠵᠤᠭᠰᠤᠭᠠᠤᠨ ᠬᠤᠴᠤᠷᠤᠯ᠎ᠠ
(ᠲ᠋ᠤᠭᠤᠭ᠎ᠠ ᠭᠦᠯᠡᠭᠦ)
31. ᠮᠦᠰᠤᠨ ᠳᠡᠭᠡᠷ᠎ᠡ
ᠮᠦᠩᠭᠦᠨ ᠠᠶᠠᠭ᠎ᠠ
(ᠰᠠᠷ᠎ᠠ)
32. ᠵᠠᠮ ᠳᠡᠭᠡᠷ᠎ᠡ
ᠽᠠᠠᠳᠠᠨ ᠮᠠᠯᠠᠭᠠᠢ
(ᠥᠭᠡᠷ ᠤᠨ ᠪᠠᠭᠠᠰᠤ)
33. ᠪᠣᠳᠠᠨ ᠳᠡᠭᠡᠷ᠎ᠡ
ᠪᠣᠯᠠᠭᠠᠨ ᠮᠠᠯᠠᠭᠠᠢ
(ᠨᠤᠬᠠᠢ ᠶᠢᠨ ᠪᠠᠭᠠᠰᠤ)
34. ᠬᠤᠶᠠᠷ ᠠᠭᠤᠯᠠ ᠶᠢᠨ ᠬᠤᠭᠤᠷᠤᠠᠳᠤ
ᠬᠤᠧᠨ ᠳᠡᠮᠡᠭᠡ ᠭᠡᠪᠳᠡᠭᠡ ᠪᠠᠢ᠌ᠨ᠎ᠡ᠂
ᠬᠤᠨᠢ ᠮᠠᠯ ᠡᠴᠡ ᠵᠠᠢ᠌ᠳᠠᠭᠤ
ᠬᠤᠭᠤᠯᠠᠢ ᠲᠠᠭᠠᠨ ᠰᠠᠯᠭᠢᠳᠠᠵᠤ ᠪᠠᠢ᠌ᠨ᠎ᠠ᠃
(ᠬᠠᠮᠠᠷ)
35. ᠰᠠᠮᠵᠠ ᠥᠭᠡᠷ᠎ᠡ ᠦᠭᠡᠶ ᠨᠢᠮᠭᠡᠨ
ᠰᠡᠭᠡᠷ ᠥᠭᠡᠷ᠎ᠡ ᠦᠭᠡᠶ ᠨᠠᠢ᠌ᠯᠠᠨ᠎ᠡ
(ᠮᠤᠩᠭ᠋ᠤᠯ ᠭᠡᠷ ᠤᠨ ᠬᠠᠨ᠎ᠠ)
36. ᠳᠡᠭᠡᠷ᠎ᠡ ᠨᠢ ᠳ᠋ᠸᠩ ᠴᠠᠭᠠᠨ
ᠲ᠋ᠤᠮᠳᠠ ᠨᠢ ᠳᠤᠩ ᠴᠠᠭᠠᠨ
ᠲ᠋ᠤᠤᠷ᠎ᠠ ᠨᠢ ᠠᠵᠠᠢ ᠪᠣᠭᠤᠷᠤᠯ
(ᠦᠷᠤᠮ᠎ᠠ᠂ ᠰᠥ᠋᠂ ᠬᠤᠰᠤᠮ)
37. ᠡᠭᠡᠷᠡᠭᠦᠯ ᠥᠭᠡᠷ᠎ᠡ ᠦᠭᠡᠶ ᠡᠷᠭᠢᠵᠤ
ᠢᠰᠡᠭᠡᠢ ᠥᠭᠡᠷ᠎ᠡ ᠦᠭᠡᠶ ᠰᠤᠨᠤᠨ᠎ᠠ
(ᠭᠤᠯᠢᠷ ᠡᠯᠳᠡᠭᠦ)
38. ᠬᠣᠢ᠌ᠳᠤ ᠠᠪᠣ ᠶᠢᠨ ᠴᠢᠨᠢ
ᠬᠤᠩᠬᠤᠷ ᠳᠤᠯᠤᠭᠠᠢ
ᠣᠷᠢᠳᠤ ᠠᠪᠣ ᠶᠢᠨ ᠴᠢᠨᠢ
ᠣᠩᠬᠤᠭᠠᠷ ᠳᠤᠯᠤᠭᠠᠢ
ᠨᠠᠭᠠᠴᠤ ᠶᠢᠨ ᠴᠢᠨᠢ
ᠨᠢ᠋ᠮᠠᠨ ᠰᠢᠠᠳᠠᠰᠤ
(ᠡᠮᠡᠭᠡᠯ)
39. ᠥᠳᠡᠯᠭᠦ ᠨᠢ ᠪᠣᠳᠠᠨ ᠳ᠋ᠤ
ᠥᠭᠦᠭᠦ ᠨᠢ ᠬᠤᠤᠠᠳᠤᠭ ᠳᠤ
(ᠬᠠᠮᠠᠬᠤᠯ)
40. ᠰᠢᠪᠦᠭᠡᠨ ᠥᠵᠦᠭᠦᠷ
ᠱᠦᠯᠦᠨ ᠳᠤᠰᠤ ᠳᠠᠢ
(ᠰᠢᠭᠦᠳᠡᠷᠢ)
41. ᠰᠠᠢ᠌ᠬᠠᠨ ᠳᠤᠯᠤᠭᠠᠢ ᠶᠢᠨ ᠡᠩᠭᠡᠷ ᠳᠡᠭᠡᠷ᠎ᠡ
ᠰᠠᠭᠠᠬ᠎ᠠ ᠰᠤᠪᠠᠢ ᠢᠯᠭᠠᠨ᠎ᠠ
(ᠭᠡᠵᠢᠭᠡ ᠰᠠᠮᠨᠠᠬᠤ)
42. ᠮᠥᠭᠦᠢ᠌ᠳᠡᠢ ᠡᠪᠦᠭᠡᠨ
ᠮᠥᠭᠡᠷ ᠶᠢᠡᠨ ᠡᠭᠦᠷᠤᠨᠡ
(ᠨᠤᠬᠠᠢ)
43. ᠳᠤᠭᠣᠢ᠌ᠷᠠᠵᠤ ᠳᠤᠭᠣᠢ᠌ᠷᠠᠵᠤ
ᠳᠤᠤᠷ᠎ᠠ ᠪᠠᠨ ᠨᠤᠭᠤ
(ᠨᠤᠬᠠᠢ ᠭᠡᠪᠳᠡᠭᠦ)
44. ᠪᠢ ᠴᠠᠭᠠᠭᠤᠷ᠂ ᠴᠢ ᠨᠠᠭᠠᠭᠤᠷ
ᠪᠢᠯᠡᠭᠦᠳᠤ ᠶᠢᠨ ᠭᠤᠤᠯ ᠳᠤ ᠠᠭᠤᠯᠵᠠᠶ᠎ᠠ
(ᠭᠡᠷ ᠤᠨ ᠣᠯᠤᠩ ᠪᠦᠰᠡᠯᠡᠭᠦ)
45. ᠪᠣᠰᠤᠨ ᠪᠣᠰᠤᠨ
ᠪᠣᠷᠤ ᠳᠠᠭ᠎ᠠ ᠪᠠᠨ ᠣᠨᠤᠨ᠎ᠠ
(ᠮᠤᠩᠭ᠋ᠤᠯ ᠭᠡᠷ ᠤᠨ ᠪᠣᠱᠤᠭ᠎ᠠ)
46. ᠵᠠᠭᠤᠨ ᠪᠢᠯᠵᠤᠤᠬᠠᠢ
ᠭᠠᠵᠠᠷ ᠰᠠᠭᠤᠨ᠎ᠠ
(ᠮᠤᠩᠭ᠋ᠤᠯ ᠭᠡᠷ ᠤᠨ ᠬᠠᠨ᠎ᠠ ᠶᠢᠨ ᠢᠷᠤᠭᠠᠷ)
47. ᠬᠠᠭᠠᠯᠭᠠᠨ ᠤ ᠠᠷᠤ ᠳ᠋ᠤ
ᠬᠠᠩᠭᠢᠷ ᠴᠠᠩᠭᠢᠷ
(ᠬᠠᠵᠠᠭᠠᠷ)
48. ᠪᠣᠷᠤᠭᠤ ᠬᠠᠵᠠᠭᠤ ᠨᠤᠳᠤᠭ ᠳᠠᠢ
ᠪᠣᠷᠬᠠᠨ ᠪᠠᠭᠰᠢ ᠶᠢᠨ ᠰᠠᠭᠤᠳᠠᠯ ᠳᠠᠢ
ᠳᠡᠮᠡᠭᠡᠨ ᠬᠠᠯᠢᠭᠤᠨ ᠦᠰᠦ ᠳᠠᠢ
ᠳᠡᠭ᠍ᠷᠢ ᠶᠢᠨ ᠴᠤᠯᠮᠤᠨ ᠨᠢᠳᠤ ᠳᠠᠢ
(ᠲ᠋ᠠᠷᠪᠠᠭ᠎ᠠ)
49. ᠴᠠᠩᠨᠠᠭᠠᠳᠤ ᠶᠢᠨ ᠭᠠᠳᠠᠨ᠎ᠠ
ᠴᠠᠭᠠᠨ ᠰᠠᠭᠠᠷᠠᠯ ᠳᠠᠭ᠎ᠠ ᠣᠶᠠᠭᠠᠳᠠᠢ
(ᠡᠭᠡᠮᠦᠭ᠌)
50. ᠠᠭᠤᠯᠠ ᠮᠠᠳᠤ ᠣᠪᠣᠭ᠎ᠠ ᠳᠠᠢ
ᠣᠰᠤ ᠳᠤᠭᠳᠠᠮᠠ ᠬᠤᠩᠬᠤᠷ ᠳᠠᠢ
ᠣᠷᠳᠤ ᠰᠠᠢ᠌ᠬᠠᠨ ᠪᠠᠷᠢᠭᠤᠯ ᠳᠠᠢ
(ᠰᠡᠭᠦᠵᠢ ᠶᠢᠨ ᠶᠠᠰᠤ)
51. ᠬᠠᠷᠠᠴᠤ ᠶᠢᠨ ᠬᠠᠭᠠᠯᠭ᠎ᠠ ᠨᠡᠭᠡᠭᠡᠰᠦᠳᠡᠢ
ᠬᠠᠭᠠᠨ ᠤ ᠬᠠᠭᠠᠯᠭ᠎ᠠ ᠬᠠᠭᠠᠰᠤᠳᠠᠢ
(ᠬᠤᠨᠢᠨ ᠰᠡᠭᠦᠯ᠂ ᠢᠮᠠᠭᠠᠨ ᠰᠡᠭᠦᠯ)
52. ᠪᠠᠭᠡᠵᠢᠩ ᠤᠨ ᠳᠠᠭᠢᠶ᠎ᠠ
ᠮᠠᠨ ᠤ ᠡ᠊ᠨᠳᠡ ᠢᠷᠠᠵᠤ
ᠣᠰᠤ ᠣᠤᠭᠤᠨ᠎ᠠ
(ᠪᠣᠯᠤᠳ ᠪᠢᠷ ᠲᠤ ᠪᠣᠳᠤᠭ ᠰᠤᠷᠤᠭᠤᠯᠬᠤ)
53. ᠡᠷᠡᠤ ᠦᠭᠡᠶ ᠳᠡᠮᠡᠭᠡ
ᠡᠪᠠᠰᠤ ᠪᠠᠷᠠᠨ᠎ᠠ
(ᠳᠣᠢ᠌ᠮᠠᠷ)
54. ᠳᠡᠮᠡᠭᠡ ᠪᠢᠰᠢ ᠪᠠᠢ᠌ᠳᠠᠯ᠎ᠠ ᠪᠠᠨ ᠪᠣᠢ᠌ᠯᠠ ᠳᠠᠢ
ᠲ᠋ᠡᠷᠭᠡ ᠪᠢᠰᠢ ᠪᠠᠢ᠌ᠳᠠᠯ᠎ᠠ ᠪᠠᠨ ᠳᠠᠳᠠᠯᠠᠭ᠎ᠠ ᠳᠠᠢ
ᠯᠠᠮᠠ ᠪᠢᠰᠢ ᠪᠠᠢ᠌ᠳᠠᠯ᠎ᠠ ᠪᠠᠨ ᠵᠠᠠᠴᠢ ᠳᠠᠢ
ᠭᠡᠭᠦᠤ ᠪᠢᠰᠢ ᠪᠠᠢ᠌ᠳᠠᠯ᠎ᠠ ᠪᠠᠨ ᠭᠡᠭᠡᠯ ᠳᠠᠢ
(ᠬᠤᠳᠤᠭᠠᠳᠤ)
55. ᠰᠢᠷ᠎ᠠ ᠨᠤᠬᠠᠢ
ᠱᠠᠪ ᠭᠡᠭᠦ ᠶᠢ ᠠᠠᠳᠠᠬᠤ ᠥᠭᠡᠢ
(ᠰᠢᠨᠠᠭ᠎ᠠ)
56. ᠭᠦᠭᠡ ᠨᠤᠬᠠᠢ
ᠬᠤᠳᠠ ᠪᠠᠨ ᠳᠤᠭᠤᠷᠢᠭᠠᠤᠨ ᠬᠤᠷᠭᠤᠨᠠ
(ᠬᠠᠢ᠌ᠴᠢᠮᠤᠤᠷ)
57. ᠠᠢ᠌ᠯ ᠠᠢ᠌ᠯ ᠤᠨ ᠭᠡᠷ ᠳᠤ
ᠰᠢᠷ᠎ᠠ ᠨᠤᠬᠠᠢ ᠶᠢᠨ ᠭᠤᠶ᠎ᠠ
(ᠲ᠋ᠤᠤᠵᠤ)
58. ᠳᠡᠨᠡᠭ᠌ ᠡᠪᠦᠭᠡᠨ
ᠲ᠋ᠡᠭ᠍ᠷᠢ ᠥᠭᠡᠳᠡ ᠳᠡᠭ᠍ᠳᠡᠨ᠎ᠡ
(ᠮᠠᠠᠴᠤ)
59. ᠮᠤᠷᠤᠢ ᠬᠤᠩᠭ᠋ᠤᠨ ᠳ᠋ᠤ
ᠮᠥᠭᠡᠢ (ᠥᠮᠡᠭᠡᠢ) ᠳᠤᠰᠤ
(ᠳᠠᠢ ᠶᠢᠨ ᠪᠣᠭᠢ)
60. ᠭᠠᠵᠠᠷ ᠳᠤᠤᠷ᠎ᠠ
ᠭᠠᠩ ᠲᠡᠶ ᠰᠢᠷ᠎ᠠ ᠳᠤᠰᠤ
(ᠳᠠᠷᠪᠠᠭ᠎ᠠ)
61. ᠴᠢᠮ᠎ᠠ ᠡᠴᠡ ᠵᠢᠭᠠᠬᠠᠨ ᠪᠠᠢ᠌ᠳᠠᠯ᠎ᠠ
ᠴᠢᠮ᠎ᠠ ᠶᠢ ᠡᠷᠭᠦᠨ ᠳᠠᠯᠪᠢᠨ᠎ᠠ
(ᠡᠮᠡᠭᠡᠯ ᠤᠨ ᠳᠦᠷᠦᠭᠡ)
62. ᠬᠠᠷ᠎ᠠ ᠮᠤᠷᠢ
ᠨᠤᠭᠤᠭᠠᠨ ᠨᠤᠭᠳᠤ ᠳᠠᠢ
(ᠮᠤᠩᠭ᠋ᠤᠯ ᠭᠤᠳᠤᠯ)
63. ᠳᠠᠯ᠎ᠠ ᠳᠡᠭᠡᠷ᠎ᠡ ᠳᠠᠢ᠌ᠪᠠᠩ ᠳᠠᠢ᠌ᠪᠠᠩ
ᠲ᠋ᠠᠰᠢᠭᠤᠷ ᠦᠭᠡᠶ ᠭᠣᠢ᠌ᠪᠠᠩ ᠭᠣᠢ᠌ᠪᠠᠩ
(ᠬᠠᠮᠬᠤᠤᠯ)
64. ᠭᠦᠶᠤᠨ ᠭᠦᠶ᠎ᠡ ᠰᠢᠷᠠᠭᠴᠢᠨ
ᠭᠦᠢᠴᠡᠭ᠍ᠳᠡᠳᠡᠭ᠌ ᠦᠭᠡᠶ ᠰᠢᠷᠠᠭᠴᠢᠨ
ᠪᠠᠢ᠌ᠨ ᠪᠠᠢ᠌ᠨ ᠰᠢᠷᠠᠭᠴᠢᠨ
ᠪᠠᠷᠢᠭᠳᠠᠳᠠᠭ ᠦᠭᠡᠶ ᠰᠢᠷᠠᠭᠴᠢᠨ
(ᠬᠤᠢ)
65. ᠡᠴᠡᠩᠭᠡᠢ ᠳᠡᠮᠡᠭᠡ
ᠡᠯᠳᠡᠪ ᠤᠨ ᠶᠠᠭᠤᠮ᠎ᠠ ᠶᠢ ᠳᠠᠭᠠᠭᠠᠨ᠎ᠠ
(ᠡᠷᠭᠢᠨᠡᠭ᠌)
66. ᠠᠪᠳᠠᠷ᠎ᠠ ᠳᠡᠭᠡᠷ᠎ᠡ
ᠠᠯᠢᠮ᠎ᠠ ᠪᠠᠢ᠌ᠨ᠎ᠠ
ᠠᠪᠣᠶ᠎ᠠ ᠭᠡᠭᠦᠯᠡᠷ
ᠠᠪᠣ ᠡᠴᠡ ᠠᠶᠤᠨ᠎ᠠ
(ᠵᠤᠯᠠ)
67. ᠢᠰᠡᠭᠡᠢ ᠴᠠᠭᠠᠨ ᠭᠡᠭᠦᠤ ᠡᠴᠡ
ᠡᠷ᠎ᠡ ᠬᠤᠩᠭ᠋ᠤᠷ ᠣᠨᠠᠭ᠎ᠠ
ᠡᠨᠡᠨ (ᠡᠭᠦᠨ) ᠢ ᠣᠨᠤᠭᠰᠠᠨ ᠪᠦᠭᠦᠳᠡ
ᠡᠷᠭᠢᠭᠦᠤ ᠮᠤᠩᠬᠠᠭ ᠪᠣᠯᠤᠨ᠎ᠠ
(ᠰᠠᠭᠠᠯᠢ ᠶᠢᠨ ᠠᠷᠢᠭᠢ)
68. ᠰᠡᠢ᠌ᠮᠡᠭᠡᠢ ᠪᠠᠨ ᠡᠭᠦᠷᠦᠭᠡᠳ
ᠰᠡᠷᠳᠡᠭᠡᠷ ᠶᠢᠡᠨ ᠳᠠᠭᠠᠭᠤᠯᠤᠭᠠᠤᠨ
ᠳᠠᠯ᠎ᠠ ᠶᠢᠨ ᠠᠳᠤᠭᠤ ᠵᠢ
ᠳᠠᠰ ᠬᠤᠷᠢᠶᠠᠬᠤ ᠪᠠᠷ ᠭᠠᠷᠤᠯ᠎ᠠ
(ᠠᠷᠭᠠᠯ ᠳᠡᠭᠦᠭᠦ)
69. ᠳᠤᠭᠤᠨᠤ ᠦᠭᠡᠶ ᠭᠡᠷ ᠳᠤ
ᠳᠤᠯᠤᠭᠠᠢ ᠦᠭᠡᠶ ᠬᠡᠦᠬᠡᠳ
(ᠥᠡᠳᠡᠭᠡ)
70. ᠢᠳᠡᠭᠦ ᠦᠭᠡᠶ ᠪᠠᠢ᠌ᠭᠠᠤᠨ
ᠶᠡᠭᠡ ᠭᠡᠳᠡᠰᠤ ᠳᠠᠢ
ᠶᠠᠪᠣᠬᠤ ᠦᠭᠡᠶ ᠪᠠᠢ᠌ᠭᠠᠤᠨ
ᠳᠦᠷᠪᠠᠨ ᠭᠦᠯ ᠳᠠᠢ
(ᠠᠪᠳᠠᠷ᠎ᠠ)
71. ᠮᠤᠳᠤᠨ ᠳᠡᠭᠡᠷ᠎ᠡ ᠮᠤᠭᠤᠯᠴᠠᠭ
ᠮᠤᠭᠠᠢ ᠪᠠᠢ᠌ᠭᠠᠤᠨ ᠳᠡᠭᠡᠯᠴᠡᠭ᠌
ᠲ᠋ᠠᠷᠠ ᠶᠢ ᠳᠠᠢ᠌ᠯᠬᠤ ᠦᠭᠡᠶ ᠶᠤᠮ ᠪᠣᠯ
ᠲ᠋ᠠᠠᠳᠠ ᠪᠠᠨ ᠳᠡᠭᠡᠭᠡᠯᠴᠡᠭ᠌
(ᠳᠡᠷᠭᠡᠨ ᠪᠣᠭᠤᠢ)
72. ᠭᠠᠭᠴᠠ ᠮᠤᠳᠤ ᠭᠠᠢ᠌ᠷ ᠭᠠᠢ᠌ᠷ
ᠭᠠᠵᠠᠷ ᠳᠡᠭ᠍ᠷᠢ ᠨᠢᠷ ᠨᠢᠷ
(ᠭᠡᠩᠭᠡᠷᠭᠡ)
73. ᠭᠡᠭᠡᠷ ᠮᠤᠷᠢ ᠭᠢᠪᠢᠮᠠ ᠵᠢᠷᠤᠭ᠎ᠠ
ᠭᠢᠪᠢᠰᠤᠨ ᠭᠦᠯᠢᠮ ᠨᠠᠮᠢᠮᠠ ᠵᠢᠷᠤᠭ᠎ᠠ
ᠠᠪᠣ ᠶᠢᠨ ᠭᠦᠤ ᠭᠠᠢ᠌ᠬᠠᠮ᠎ᠠ ᠵᠢᠷᠤᠭ᠎ᠠ
ᠭᠠᠵᠠᠷ ᠳᠡᠭ᠍ᠷᠢ ᠨᠠᠢ᠌ᠯᠠᠮᠠ ᠵᠢᠷᠤᠭ
(ᠵᠡᠷᠭᠡᠯᠭᠡᠨ)
74. ᠯᠤᠤᠬ᠎ᠠ ᠶᠢᠨ ᠭᠤᠤᠯ ᠤᠨ ᠭᠦᠪᠠᠭᠡᠨ ᠳᠡᠭᠡᠷ᠎ᠡ
ᠯᠤᠤᠳᠠᠢ ᠴᠠᠭᠠᠨ ᠳᠠᠤᠯᠠᠢ
ᠲ᠋ᠠᠤᠯᠠᠢ ᠴᠤ ᠭᠡᠮᠡᠨ ᠳᠠᠤᠯᠠᠢ ᠦᠦ ᠳ᠋ᠠ
ᠲ᠋ᠤᠷᠭᠠᠨ ᠳᠠᠪᠠᠯ ᠲᠡᠶ ᠳᠠᠤᠯᠠᠢ ᠰᠢᠤ
(ᠰᠠᠷᠢᠮᠰᠤᠭ)
75. ᠳᠡᠭ᠍ᠷᠢ ᠳᠡᠭ᠍ᠷᠢ ᠶᠢᠨ ᠵᠠᠬ᠎ᠠ ᠳ᠋ᠤ
ᠲ᠋ᠠᠪᠢᠰᠤ ᠴᠠᠭᠠᠨ ᠬᠠᠳᠠᠨ ᠳ᠋ᠤ
ᠰᠤᠬᠠᠢ ᠣᠯᠠᠭᠠᠨ ᠮᠤᠳᠤᠨ ᠳ᠋ᠤ
ᠰᠤᠪᠣᠷᠭ᠎ᠠ ᠴᠠᠭᠠᠨ ᠬᠠᠳᠠᠨ ᠳ᠋ᠤ
ᠨᠠᠭᠠᠯᠳᠤᠭᠰᠠᠨ ᠨᠠᠩᠯᠤᠤ
ᠲ᠋ᠤᠷᠭᠢᠭᠰᠠᠨ ᠳᠦᠩᠯᠤᠤ
ᠪᠠᠭᠢ ᠳᠦᠷᠪᠠᠨ ᠳᠤᠯᠭᠠᠭᠤᠷᠢ ᠳᠠᠢ
ᠪᠢᠵᠢᠷ ᠰᠢᠵᠢᠷ ᠠᠯᠳᠠ ᠳᠠᠢ
(ᠰᠦᠮ᠎ᠡ)
76. ᠨᠠᠢ᠌ᠷ ᠨᠠᠢ᠌ᠷ ᠮᠤᠳᠤᠨ ᠳ᠋ᠤ
ᠨᠠᠶᠠᠨ ᠳᠠᠪᠤᠨ ᠦᠶ᠎ᠡ
ᠦᠶ᠎ᠡ ᠪᠣᠯᠭᠠᠨ ᠳᠤ ᠡᠭᠦᠷ ᠳᠠᠢ
ᠡᠭᠦᠷ ᠪᠣᠯᠭᠠᠨ ᠳᠤ ᠥᠡᠳᠡᠭᠡ ᠳᠠᠢ
ᠥᠡᠳᠡᠭᠡ ᠪᠣᠯᠭᠠᠨ ᠨᠢ ᠠᠩᠭ᠋ᠠᠬᠠᠢ
(ᠬᠠᠷ᠎ᠠ ᠪᠣᠳᠠᠭ᠎ᠠ)
77. ᠳᠠᠭᠠᠳᠠᠢ ᠳᠠᠭᠱᠢᠨ
ᠲ᠋ᠠᠪᠤᠨ ᠬᠤᠷᠤᠭᠤ ᠯᠤᠭᠰᠢᠨ
ᠮᠠᠠᠳᠤ ᠶᠢ ᠮᠠᠳᠠᠨ
ᠮᠠᠷᠰᠠᠮ ᠢ ᠳᠤᠭᠠᠯᠠᠨᠠᠮ
(ᠬᠤᠭᠤᠷ)
78. ᠡᠷᠳᠡᠨᠢ ᠠᠭᠤᠯᠠ ᠶᠢᠨ ᠣᠷᠤᠢ ᠳᠡᠭᠡᠷ᠎ᠡ
ᠪᠣᠭᠤ ᠰᠤᠭᠤ ᠬᠤᠶᠠᠷ
ᠡᠭᠦᠨ ᠢ ᠳᠠᠢ᠌ᠯᠤᠭᠰᠠᠨ ᠭᠦᠮᠤᠨ ᠳ᠋ᠤ
ᠪᠣᠭᠤᠷᠤᠯ ᠮᠤᠷᠢ ᠪᠠᠨ ᠪᠠᠭᠤᠭᠠᠤᠨ ᠦᠭᠭᠦᠶ᠎ᠡ
ᠪᠣᠯᠠᠭᠠᠨ ᠳᠠᠬ᠎ᠠ ᠪᠠᠨ ᠳᠠᠢ᠌ᠯᠠᠭᠠᠤᠨ ᠦᠭᠭᠦᠶ᠎ᠡ
(ᠨᠠᠷᠠ᠂ ᠰᠠᠷ᠎ᠠ)
79. ᠵᠠᠰ ᠳᠤᠭᠤᠭ᠎ᠠ ᠳᠦᠭᠦᠷᠡᠩ ᠰᠠᠢ᠌ᠬᠠᠨ
ᠵᠡᠭᠡᠷ᠎ᠡ ᠶᠢᠨ ᠰᠢᠯᠪᠢ ᠦᠨᠳᠦᠷ ᠰᠠᠢ᠌ᠬᠠᠨ
(ᠵᠤᠯᠠ)
80. ᠬᠠᠵᠠᠭᠤ ᠳᠡᠭᠡᠷ᠎ᠡ
ᠬᠠᠷ᠎ᠠ ᠴᠠᠢ ᠪᠣᠴᠠᠯᠤᠨ᠎ᠠ
(ᠰᠢᠷᠭᠤᠯᠵᠢ)
81. ᠦᠷᠭᠡᠨ ᠳᠡᠯᠡᠭᠡᠢ ᠶᠢᠨ
ᠦᠷᠤᠨ ᠤ ᠭᠤᠤᠯ ᠳ᠋ᠤ
ᠦᠨᠳᠦᠷ ᠮᠤᠳᠤᠨ ᠤ ᠥᠭᠡᠳᠡᠰᠤ
ᠦᠷᠭᠡᠨ ᠳᠠᠮᠤᠷ ᠤᠨ ᠳᠠᠭᠠᠷᠢᠳᠠᠰᠤ
ᠦᠨᠦᠴᠢᠨ ᠪᠢᠷᠠᠭᠤᠨ ᠤ
ᠰᠢᠷᠢᠨ ᠤ ᠳᠠᠰᠤᠷᠬᠠᠢ
(ᠬᠤᠪᠣᠭᠤ)
82. ᠨᠢᠭᠡ ᠭᠦᠮᠤᠨ
ᠬᠤᠶᠠᠷ ᠬᠤᠰᠭᠢᠨᠠᠭ ᠳᠠᠢ
(ᠳᠡᠷᠭᠡᠨ ᠪᠣᠯᠤ)
83. ᠠᠬ᠎ᠠ ᠳᠡᠭᠦᠤ ᠭᠤᠷᠪᠠᠭᠤᠯᠠ
ᠡᠳ᠋ ᠤᠨ ᠰᠠᠢ᠌ᠬᠠᠨ ᠢ ᠡᠳ᠋ᠯᠡᠨ᠎ᠡ ᠭᠡᠵᠤ
ᠴᠠᠭᠠᠨ ᠬᠤᠪᠴᠠᠰᠤ ᠡᠮᠦᠰᠴᠤ
ᠡᠩᠭᠡ ᠮᠠᠠᠳᠤ ᠶᠠᠪᠣᠨ᠎ᠠ ᠭᠡᠵᠤ
ᠬᠠᠯᠠᠭᠤᠨ ᠷᠠᠰᠢᠶᠠᠨ ᠳᠤ ᠰᠠᠭᠤᠵᠠᠢ
(ᠪᠣᠤᠰᠠ)
84. ᠬᠠᠢ᠌ᠮᠠᠭ ᠵᠠᠢ᠌ᠮᠠᠭ ᠳᠡᠮᠡᠭᠡᠨ ᠠᠮᠠ
ᠬᠤᠶᠠᠷ ᠰᠠᠢ᠌ᠬᠠᠨ ᠬᠤᠨᠢᠨ ᠤ ᠠᠮᠠ
ᠳᠠᠪᠤᠨ ᠵᠢᠭᠠᠬᠠᠨ ᠳᠠᠭᠢᠶᠠᠨ ᠠᠮᠠ
ᠳᠠᠩᠰᠤᠭ ᠠᠷᠢᠭᠤᠨ ᠮᠤᠷᠢᠨ ᠤ ᠠᠮᠠ
(ᠳᠠᠪᠠᠯ)
85. ᠠᠪᠣ ᠭᠦᠤ ᠳᠤᠭᠤᠯᠠᠩ
ᠠᠴᠢ ᠭᠦᠤ ᠳᠤᠭᠤᠯᠠᠩ
ᠵᠢᠭᠡ ᠭᠦᠤ ᠳᠤᠭᠤᠯᠠᠩ
ᠵᠢᠭ᠍ᠵᠡᠪ ᠳᠤᠭᠤᠯᠠᠩ
( ᠬᠠᠨ᠎ᠠ ᠶᠢᠨ ᠠᠮᠠ)
86. ᠨᠢᠭᠡ ᠨᠥᠭᠡ ᠪᠠᠷ ᠣᠷᠤᠭᠠᠤᠨ
ᠬᠤᠶᠠᠷ ᠨᠥᠭᠡ ᠪᠠᠷ ᠭᠠᠷᠤᠨ᠎ᠠ
( ᠦᠮᠦᠳᠦ ᠡᠮᠦᠰᠭᠦ )
87. ᠱᠠᠮᠠᠢ᠌ᠭᠰᠠᠨ ᠰᠢᠷ᠎ᠠ ᠭᠦᠭ᠍ᠰᠢᠨ
ᠪᠣᠠᠳᠣᠢ᠌ᠭᠰᠠᠨ ᠣᠯᠠᠭᠠᠨ ᠭᠦᠤ ᠳᠠᠢ
( ᠥᠩᠭᠦᠯᠴᠡᠭ᠌)
88. ᠪᠣᠩ ᠪᠣᠩ ᠭᠡᠳ ᠢᠷᠡᠭᠦᠯᠡᠷ
ᠪᠦᠭᠡᠷ᠎ᠡ ᠶᠢ᠌ ᠨᠢ ᠰᠤᠭᠤ
(ᠨᠢᠰᠤ ᠨᠢᠭᠢᠭᠦ)
89. ᠪᠣᠯᠤᠩ ᠨᠢ ᠰᠡᠳᠡᠷᠭᠡᠢ ᠪᠦᠳᠡᠭᠡᠨ ᠲ᠋ᠡᠪᠢᠭᠦᠷ
ᠪᠣᠰᠤᠳ ᠢ ᠬᠠᠷᠠᠳᠠᠭ ᠰᠢᠯᠤᠨ ᠬᠤᠠᠳᠠᠭ᠎ᠠ
ᠪᠣᠷᠭᠠᠰᠤ ᠶᠡᠭᠡᠳᠡᠢ ᠭᠤᠤᠯ ᠤᠨ ᠳᠤᠬᠤᠢ
ᠪᠣᠳᠢᠭᠤᠯ ᠤᠨ ᠭᠡᠵᠢᠭᠡ ᠲᠡᠶ ᠬᠤᠶᠠᠷ ᠬᠡᠦᠬᠡᠳ
ᠪᠣᠴᠠᠵᠤ ᠰᠢᠪᠬᠠᠳᠠᠳᠠᠭ ᠢᠯᠠᠭᠠᠨ ᠭᠦᠪᠢᠭᠦᠷ
ᠪᠢᠰᠢᠯᠠᠭ ᠤᠨ ᠬᠡ ᠲᠡᠶ ᠳᠦᠷᠪᠠᠨ ᠳᠤᠯᠭᠠᠭᠤᠷᠢ
(ᠳᠡᠮᠡᠭᠡ)
90. ᠨᠢᠭᠡ ᠨᠢᠷᠤᠭᠤ ᠳᠠᠢ
ᠬᠤᠶᠠᠷ ᠭᠦᠯ ᠳᠠᠢ
ᠬᠤᠭᠤᠰᠤᠨ ᠠᠷᠠᠰᠤ
(ᠮᠠᠢ᠌ᠬᠠᠨ)
91. ᠡᠵᠢ ᠶᠢᠨ ᠦᠭᠭᠦᠭ᠍ᠰᠡᠨ ᠳᠤᠷᠭ᠎ᠠ ᠵᠢ
ᠡᠪᠭᠡᠭᠡᠳ ᠪᠠᠷᠠᠬᠤ ᠥᠭᠡᠢ
ᠠᠪᠣ ᠶᠢᠨ ᠦᠭᠭᠦᠭ᠍ᠰᠡᠨ ᠬᠤᠨᠢ ᠵᠢ
ᠲ᠋ᠤᠭᠠᠯᠠᠭᠠᠤᠨ ᠪᠠᠷᠠᠬᠤ ᠥᠭᠡᠢ
(ᠳᠡᠭ᠍ᠷᠢ᠂ ᠣᠳᠤ)
92. ᠲ᠋ᠤᠪᠣ ᠶᠢ ᠳᠤᠭᠤᠷᠢᠭᠰᠠᠨ
ᠲ᠋ᠤᠯᠤᠭᠠᠨ ᠨᠥᠭᠡ
(ᠬᠤᠶᠠᠷ ᠨᠢᠳᠤ᠂ ᠬᠤᠶᠠᠷ ᠴᠢᠭᠢ᠂ ᠬᠠᠮᠠᠷ ᠤᠨ ᠬᠤᠶᠠᠷ ᠨᠥᠭᠡ᠂ ᠠᠮᠠ)
93. ᠬᠠᠮᠪᠣ ᠳᠤᠷᠭᠠᠨ ᠳᠠᠪᠠᠯ ᠳᠠᠢ
ᠬᠠᠯᠠᠭᠤᠨ ᠭᠠᠯ ᠤᠨ ᠢᠯᠴᠢ ᠳᠠᠢ
(ᠢᠯᠢᠭᠦᠷ)
94. ᠳᠠᠷᠠ ᠡᠮᠤᠨ᠎ᠡ᠂ ᠳᠡᠮᠡᠭᠡ ᠰᠢᠭ᠌
ᠳᠡᠭ᠍ᠷᠢ ᠶᠢᠨ ᠨᠠᠭᠠᠨ᠎ᠠ ᠢᠮᠠᠭ᠎ᠠ ᠰᠢᠭ
ᠨᠠᠷᠠᠨ ᠳᠤᠤᠷ᠎ᠠ ᠨᠠᠭᠠᠳᠤᠮ ᠰᠢᠭ
ᠨᠠᠭᠠᠴᠤ ᠶᠢᠨ ᠬᠤᠩᠭ᠋ᠤᠷ ᠰᠢᠪᠠᠭᠤ ᠰᠢᠭ
(ᠵᠡᠷᠭᠡᠯᠭᠡᠨ)
95. ᠭᠦᠮᠤᠨ ᠦᠵᠡᠪᠠᠯ ᠭᠦᠦᠭᠦᠷᠳᠦᠨᠡ
ᠭᠦᠵᠦᠭᠦᠤ ᠰᠡᠭᠡᠷ ᠨᠢ ᠭᠦᠳᠦᠯᠵᠡᠨᠡ
ᠪᠠᠬᠠᠨ ᠪᠠᠬᠠᠨ ᠪᠠᠷᠠᠯᠠᠭᠠᠤᠨ
ᠪᠠᠷᠠᠭᠤᠨ ᠭᠦᠯ ᠨᠢ ᠳᠡᠭᠡᠯᠵᠡᠨᠡ
(ᠳᠤᠭᠤᠷᠤᠤ)
96. ᠣᠷᠳᠤ ᠡᠴᠡ ᠣᠷᠳᠤ
ᠦᠨᠳᠦᠷ ᠡᠴᠡ ᠦᠨᠳᠦᠷ
(ᠵᠠᠮ)
97. ᠥᠭᠡᠭᠦᠨ ᠳᠡᠭᠡᠭᠦᠷ ᠭᠦᠶᠦᠳᠡᠭ᠌ ᠦᠭᠡᠶ ᠴᠢᠤᠵᠢᠶᠠᠩ
ᠥᠩᠭᠡᠳᠡᠢ ᠳᠤᠷᠭᠠᠨ ᠳᠡᠭᠡᠭᠦᠷ ᠭᠦᠶᠦᠳᠡᠭ᠌ ᠴᠢᠤᠵᠢᠶᠠᠩ
ᠳᠤᠰᠤᠨ ᠳᠡᠭᠡᠷ ᠭᠦᠶᠦᠳᠡᠭ᠌ ᠦᠭᠡᠶ ᠴᠢᠤᠵᠢᠶᠠᠩ
ᠳᠤᠷᠭᠠᠨ ᠳᠡᠭᠡᠭᠦᠷ ᠭᠦᠶᠦᠳᠡᠭ᠌ ᠴᠢᠤᠵᠢᠶᠠᠩ
(ᠢᠯᠢᠭᠦᠷ)
98. ᠦᠶ᠎ᠡ ᠦᠶ᠎ᠡ ᠳᠠᠪᠠᠯ ᠳᠠᠢ
ᠥᠨᠡᠭᠡᠨ ᠰᠢᠷ᠎ᠠ ᠮᠠᠯᠠᠭᠠᠢ ᠳᠠᠢ
(ᠬᠤᠯᠤᠰᠤ)
99. ᠪᠠᠷᠠᠭᠤᠨ ᠬᠣᠢ᠌ᠨ᠎ᠠ ᠡᠴᠡ ᠢᠷᠡᠭ᠍ᠰᠡᠨ
ᠪᠠᠳᠮ᠎ᠠ ᠰᠤᠰᠠᠢ ᠭᠡᠦᠭᠡᠨ
ᠠᠷᠪᠠᠨ ᠬᠤᠶᠠᠷ ᠳᠠᠭᠠᠪᠣᠷᠢ ᠳᠠᠢ
ᠠᠷᠢᠭᠤᠨ ᠮᠦᠩᠭᠦᠨ ᠬᠠᠯᠪᠠᠭ᠎ᠠ ᠳᠠᠢ
(ᠮᠠᠯ ᠤᠨ ᠡᠪᠴᠢᠭᠦᠤ)
100. ᠪᠠᠷᠠᠭᠤᠨ ᠭᠠᠵᠠᠷ ᠨᠤᠳᠤᠭ ᠳᠠᠢ
ᠪᠠᠠᠰᠠᠷ ᠰᠠᠠᠰᠠᠷ ᠮᠠᠯᠠᠭᠠᠢ ᠳᠠᠢ
ᠭᠠᠤᠯᠢᠨ ᠬᠤᠶᠠᠷ ᠪᠦᠷᠦᠶᠡ ᠳᠠᠢ
ᠭᠤᠷᠪᠠᠨ ᠰᠠᠷ᠎ᠠ ᠶᠢᠨ ᠬᠤᠷᠠᠯ ᠳᠠᠢ
(ᠰᠢᠮᠠᠭᠤᠯ)
101. ᠦᠨᠳᠦᠷ ᠪᠠᠢ᠌ᠭᠠᠤᠨ
ᠡᠪᠠᠰᠤᠨ ᠡᠴᠡ ᠪᠣᠭᠤᠨᠢ
(ᠵᠠᠮ)
102. ᠡᠷᠢᠶᠡᠨ ᠪᠠᠢ᠌ᠨ᠎ᠠ᠂ ᠪᠠᠷᠰ ᠤᠤ
ᠡᠪᠠᠷ ᠲᠡᠶ ᠪᠠᠢ᠌ᠨ᠎ᠠ᠂ ᠪᠣᠭᠤ ᠤᠤ
ᠨᠤᠮ ᠣᠩᠰᠢᠳᠠᠭ ᠡᠴᠡ ᠯᠠᠮᠠ ᠤᠤ
ᠯᠤᠩᠬᠤ ᠲᠡᠶ ᠪᠠᠢ᠌ᠨ᠎ᠠ᠂ ᠠᠷᠢᠭᠢ ᠤᠤ
(ᠭᠡᠳᠡᠭᠡᠨ᠎ᠡ)
103. ᠭᠦᠷ ᠭᠦᠷ ᠳᠠᠭᠤ ᠳᠠᠢ
ᠭᠦᠷᠵᠡ ᠶᠢᠨ ᠴᠢᠨᠡᠭᠡ ᠳᠠᠪᠠᠭ ᠳᠠᠢ
ᠭᠠᠯ ᠰᠢᠯ ᠨᠢᠳᠤ ᠳᠠᠢ
ᠭᠠᠭᠴᠠᠭᠠᠷ ᠶᠠᠪᠣᠳᠠᠭ ᠵᠠᠶᠠᠭ᠎ᠠ ᠳᠠᠢ
(ᠪᠠᠷᠰ)
104. ᠠᠭᠳᠠᠷ ᠠᠭᠳᠠᠷ ᠠᠯᠬᠤᠭ᠎ᠠ ᠲᠡᠶ
ᠠᠷᠪᠠᠨ ᠬᠤᠶᠠᠷ ᠮᠠᠳᠠᠷ ᠳᠠᠢ
ᠠᠷᠴᠠ ᠶᠤᠩᠬᠤᠸᠠ ᠥᠨᠦᠷᠳᠡᠭ᠍ᠰᠡᠨ
ᠠᠯᠢ ᠭᠠᠵᠠᠷ ᠤᠨ ᠪᠣᠭᠳᠠ ᠪᠣᠢ︖
(ᠫᠠᠷᠳᠢ ᠬᠠᠷ᠎ᠠ ᠬᠤᠷᠤᠬᠠᠢ)
105. ᠣᠯᠠᠭᠠᠨ ᠪᠢᠷᠠᠭᠤ
ᠶᠠᠰᠤᠨ ᠬᠤᠳᠤᠭᠠᠳᠤ ᠳᠠᠢ
(ᠴᠢᠪᠠᠭ᠎ᠠ)
106. ᠪᠠᠷᠠᠭᠤᠠᠳᠠᠢ ᠡᠴᠡ ᠢᠷᠡᠭ᠍ᠰᠡᠨ ᠪᠠᠨᠢ
ᠵᠡᠭᠦᠡᠳᠡᠢ ᠡᠴᠡ ᠢᠷᠡᠭ᠍ᠰᠡᠨ ᠵᠦᠨᠢ
ᠵᠦᠷᠢᠭᠦᠯᠵᠤ ᠳᠠᠯᠪᠢᠭᠰᠠᠨ ᠱᠤᠨᠢ
(ᠵᠠᠪᠢᠯᠠᠵᠤ ᠰᠠᠭᠤᠬᠤ)
107᠂ ᠽᠠᠠᠳᠠᠨ ᠮᠤᠳᠤᠨ ᠤ ᠡᠮᠤᠨ᠎ᠡ
ᠵᠠᠪᠢᠯᠠᠵᠤ ᠰᠠᠭᠤᠭᠰᠠᠨ ᠨᠤᠶᠠᠨ
ᠵᠠᠶᠠᠭᠠᠳᠠᠢ ᠭᠦᠮᠤᠨ ᠨᠢ ᠢᠷᠠᠪᠠᠯ
ᠵᠠᠢ᠌ᠯᠠᠭᠠᠤᠨ ᠥᠭ᠍ᠳᠡᠭ᠌ ᠨᠤᠶᠠᠨ
(ᠣᠨᠢᠰᠤ)
108. ᠭᠦᠯ ᠲᠡᠶ ᠪᠠᠢ᠌ᠭᠠᠤᠨ
ᠶᠠᠪᠣᠵᠤ ᠴᠢᠳᠠᠬᠤ ᠥᠭᠡᠢ
ᠵᠢᠭᠦᠷ ᠲᠡᠶ ᠪᠠᠢ᠌ᠭᠠᠤᠨ
ᠨᠢᠰᠴᠤ ᠴᠢᠳᠠᠬᠤ ᠥᠭᠡᠢ
(ᠨᠢᠷᠤᠭᠤ ᠶᠢᠨ ᠶᠠᠰᠤ)
109. ᠭᠡᠷ ᠤᠨ ᠡᠭᠦᠳᠡᠨ ᠳ᠋ᠤ
ᠭᠡᠯᠳᠡᠭᠡᠢ ᠭᠡᠩᠭᠡᠷᠭᠡ
(ᠨᠤᠬᠠᠢ ᠶᠢᠨ ᠢᠳᠡᠭᠦᠷ)
110. ᠳᠠᠳᠠᠷ ᠳᠠᠳᠠᠷ ᠰᠢᠪᠠᠭᠤ
ᠳᠠᠯᠤᠨ ᠳᠡᠭᠡᠷ᠎ᠡ ᠪᠠᠨ ᠳᠠᠮᠠᠭ᠎ᠠ ᠳᠠᠢ
ᠳᠠᠯᠠᠢ ᠯᠠᠮᠠ ᠶᠢᠨ ᠰᠢᠪᠠᠭᠤ
ᠭᠡᠯᠡᠨ ᠳᠡᠭᠡᠷ᠎ᠡ ᠪᠠᠨ ᠳᠠᠮᠠᠭ᠎ᠠ ᠳᠠᠢ
(ᠭᠡᠢ᠌ᠮᠦᠷᠢ)
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7478
ᠴᠠᠭ᠄ 2010 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ