ᠨᠡᠪᠲᠡᠷᠡᠨ ᠤᠷᠤᠬᠤ
ᠴᠠᠭ ᠦᠶ᠎ᠡ ᠡᠴᠡ ᠬᠤᠴᠤᠷᠤᠭᠰᠠᠨ 《ᠮᠤᠨᠤᠭ ᠲᠤᠯᠤᠭᠠᠢ》

ᠨᠤᠮ ᠪᠢᠴᠢᠭ᠌ ᠪᠣᠯ ᠭᠦᠮᠤᠨ ᠲᠦᠷᠦᠯᠭᠢᠳᠠᠨ ᠤ ᠳᠠᠪᠰᠢᠯᠳᠠ ᠶᠢᠨ 《ᠭᠢᠰᠭᠢᠭᠦᠷ ᠱᠠᠳᠤ》 ᠮᠦᠨ ᠪᠣᠯᠬᠤᠷ ᠭᠦᠮᠤᠨ ᠭᠡᠵᠤ ᠭᠦᠵᠦᠭᠦᠤ ᠰᠡᠭᠡᠷ ᠲᠡᠶ ᠭᠡᠳᠡᠢ᠌ᠵᠤ ᠶᠠᠪᠣᠬᠤ ᠳᠤ ᠯᠠ ᠭᠦᠷᠪᠠᠯ ᠵᠠᠪᠠᠯ ᠨᠤᠮ ᠣᠩᠰᠢᠵᠤ ᠮᠡᠳᠡᠯᠭᠡ ᠡᠵᠡᠮᠰᠢᠭᠦ ᠭᠡᠷᠡᠭ᠍ᠳᠡᠢ᠃ ᠴᠠᠭ ᠦᠶ᠎ᠡ ᠳᠦᠷᠭᠡᠨ ᠭᠦᠭ᠍ᠵᠢᠭᠡᠤᠨ ᠡᠷᠳᠡᠮ ᠮᠡᠳᠡᠯᠭᠡ ᠶᠢᠨ ᠦᠨᠳᠦᠷ ᠳᠠᠪᠬᠤᠷᠭ᠎ᠠ ᠳᠤ ᠳᠠᠪᠰᠢᠨ ᠣᠷᠤᠭᠰᠠᠨ ᠪᠣᠯᠬᠤᠷ ᠡᠳᠦᠷ ᠡᠳᠦᠷ ᠴᠠᠭ ᠢᠮᠠᠭᠳᠠ ᠰᠤᠷᠤᠯᠴᠠᠵᠤ ᠪᠠᠢ᠌ᠳᠠᠯ᠎ᠠ ᠪᠠᠨ ᠴᠠᠭ ᠤᠨ ᠣᠷᠤᠰᠬᠠᠯ ᠢ ᠳᠠᠭᠠᠵᠤ ᠠᠮᠵᠢᠬᠤ ᠦᠭᠡᠶ ᠰᠠᠠᠳᠤᠷᠭᠠᠭᠠᠤᠨ ᠪᠠᠢ᠌ᠳᠠᠭ᠃ ᠪᠢᠴᠢᠭ᠌ ᠮᠡᠳᠡᠭᠦ ᠦᠭᠡᠶ ᠭᠦᠮᠤᠨ ᠪᠣᠯ ᠪᠢᠯᠢᠭ᠌ ᠰᠤᠬᠤᠷ᠂ ᠮᠡᠳᠡᠯᠭᠡ ᠲᠡᠶ ᠭᠦᠮᠤᠨ ᠤ ᠡᠮᠤᠨ᠎ᠡ ᠥᠭᠡ ᠣᠯᠵᠤ ᠭᠡᠯᠡᠭᠦ ᠦᠭᠡᠶ ᠨᠢᠭᠡ ᠳᠠᠰ ᠳᠤᠤᠷ᠎ᠠ ᠪᠠᠢ᠌ᠳᠠᠭ ᠶᠤᠮ᠃ ᠡᠷᠳᠡᠮ ᠮᠡᠳᠡᠯᠭᠡ ᠡᠵᠡᠮᠰᠢᠭᠦ ᠪᠣᠯ ᠶᠠᠮᠠᠷ ᠨᠢᠭᠡ ᠪᠣᠳᠠᠰ ᠢ ᠡᠨᠡ ᠰᠠᠪᠠ ᠡᠴᠠ ᠳᠠᠷᠠ ᠰᠠᠪᠠ ᠣᠷᠤᠭᠤ ᠶᠡᠭᠦᠯᠡᠭᠦ ᠰᠢᠭ᠌ ᠠᠮᠠᠷᠬᠠᠨ ᠶᠠᠪᠣᠳᠠᠯ ᠪᠢᠰᠢ᠂ ᠵᠠᠪᠠᠯ ᠨᠢᠭᠡ ᠨᠢᠭᠡ ᠥᠰᠦᠭ᠌ ᠶᠢᠡᠷ ᠴᠡᠭᠡᠵᠢᠯᠡᠨ ᠨᠢᠭᠡ ᠨᠢᠭᠡ ᠱᠠᠳᠤ ᠪᠠᠷ ᠮᠠᠴᠤᠬᠤ ᠡᠴᠠ ᠥᠭᠡᠷ᠎ᠡ ᠰᠤᠩᠭ᠋ᠤᠯᠳᠠ ᠪᠠᠢ᠌ᠳᠠᠭ ᠦᠭᠡᠶ᠃ ᠳᠠᠩ ᠣᠯᠤᠰ ᠤᠨ ᠰᠢᠯᠦᠭ᠍ᠴᠢ ᠬᠠᠨ ᠢᠤᠢ 《ᠨᠤᠮ ᠤᠨ ᠠᠭᠤᠯᠠ ᠶᠢ ᠳᠠᠪᠠᠬᠤ ᠳᠤ〈ᠰᠢᠷᠭᠠᠭᠤ〉 ᠪᠠᠷ ᠭᠦᠯᠦᠭ᠌ ᠭᠢᠵᠤ᠂ ᠰᠤᠷᠤᠯᠭ᠎ᠠ ᠶᠢᠨ ᠳᠠᠯᠠᠢ ᠶᠢ ᠳᠤᠭᠤᠯᠬᠤ ᠳᠤ 〈ᠬᠠᠳᠠᠭᠤᠵᠢᠯ〉 ᠵᠢᠡᠷ ᠰᠠᠯ ᠭᠢᠮᠤᠢ》 ᠭᠡᠵᠤ ᠭᠡᠯᠡᠵᠡᠢ᠃

ᠮᠢᠨᠤ ᠪᠠᠭ᠎ᠠ ᠶᠢᠨ ᠦᠶ᠎ᠡ ᠳᠤ ᠠᠷᠪᠠᠨ ᠵᠢᠯ ᠤᠨ ᠰᠠᠮᠠᠭᠤᠷᠠᠯ ᠲᠤᠬᠢᠶᠠᠯᠳᠤᠵᠤ᠂ ᠨᠤᠮ ᠪᠢᠴᠢᠭ᠌ ᠢ ᠶᠡᠭᠡ ᠭᠡᠮᠵᠢᠶ᠎ᠡ ᠪᠠᠷ ᠭᠠᠯᠳᠠᠭᠰᠠᠨ ᠪᠠ᠂ ᠳᠤᠮᠳᠠᠳᠤ ᠭᠠᠳᠠᠭᠠᠳᠤ ᠶᠢᠨ ᠠᠯᠳᠠᠷᠳᠤ ᠪᠦᠳᠦᠭᠡᠯ ᠨᠢ 《ᠬᠠᠷ᠎ᠠ ᠨᠤᠮ》 ᠳᠤ ᠳᠤᠭᠠᠴᠠᠭᠳᠠᠵᠤ ᠪᠢᠳᠡᠭᠦᠮᠵᠢᠯᠡᠵᠤ ᠪᠠᠢ᠌ᠳᠠᠭ ᠡᠴᠡ᠂ ᠨᠤᠮ ᠣᠯᠵᠤ ᠣᠩᠰᠢᠬᠤ ᠭᠦᠰᠡᠯ ᠮᠠᠨᠢ ᠪᠣᠯᠠᠭ ᠤᠨ ᠣᠰᠤ ᠰᠢᠭ ᠣᠷᠭᠢᠯᠤᠮ᠎ᠠ ᠪᠠᠢ᠌ᠯ᠎ᠠ ᠴᠤ ᠪᠦᠳᠦᠯ ᠲᠡᠶ ᠶᠠᠭᠤᠮ᠎ᠠ ᠣᠯᠵᠤ ᠣᠩᠰᠢᠬᠤ ᠨᠢ ᠳᠡᠭ᠍ᠷᠢ ᠳᠤ ᠭᠠᠷᠬᠤ ᠡᠴᠠ ᠭᠦᠴᠢᠷ ᠲᠡᠶ ᠪᠠᠢ᠌ᠵᠠᠢ᠃ ᠮᠢᠨᠤ ᠬᠠᠮᠳᠤ ᠰᠤᠷᠤᠯᠭᠠᠳᠠᠨ ᠨᠠ᠊·ᠥᠯᠵᠡᠢ᠌ᠳᠡᠯᠭᠡᠷ ᠪᠣᠯᠤᠨ ᠪᠣᠯᠠᠭ ᠲᠤ ᠠᠪᠣ ᠶᠢᠨ ᠭᠢᠨᠢ ᠬᠤᠷᠢᠶᠠᠭᠰᠠᠨ ᠨᠤᠮ ᠪᠠᠢ᠌ᠳᠠᠭ ᠪᠣᠯᠪᠠᠴᠤ᠂ ᠶᠠᠷᠰᠢᠭ ᠪᠣᠯᠬᠤ ᠡᠴᠠ ᠪᠣᠯᠭᠤᠮᠵᠢᠯᠠᠵᠤ ᠭᠠᠷᠭᠠᠵᠤ ᠥᠵᠡᠭᠦᠯᠭᠦ ᠦᠭᠡᠶ ᠳᠤᠯᠠ᠂ ᠭᠡᠯᠡ ᠠᠮᠠ ᠪᠠᠨ ᠭᠦᠰᠢᠳᠡᠯ᠎ᠡ ᠭᠤᠶᠤᠵᠤ ᠭᠡᠳᠤᠨ ᠠᠤᠠᠬᠤ ᠠᠭᠠᠭ ᠤᠨ ᠵᠠᠷᠮ᠎ᠠ ᠪᠠᠷ ᠶᠢᠡᠨ 《ᠬᠠᠬᠤᠤᠯᠢᠳᠠᠵᠤ》 ᠪᠠᠢ᠌ᠭᠠᠤᠨ ᠮ·ᠭᠤᠷᠺᠢ᠂ ᠯ·ᠳᠤᠯᠰᠲ᠋ᠤᠢ ᠶᠢᠨ ᠪᠦᠳᠦᠭᠡᠯ ᠢ ᠣᠯᠵᠤ ᠠᠮᠳᠠᠷᠬᠠᠭᠠᠤᠨ ᠰᠠᠤᠠᠭᠢᠯ ᠳᠦᠭᠦᠷᠡᠩ ᠭᠠᠯᠭᠢᠭᠤᠯᠤᠨ᠎ᠡ᠃ ᠳᠠᠷᠠ ᠦᠶ᠎ᠡ ᠳᠤ ᠶᠠᠭ ᠥᠰᠭᠦ ᠨᠠᠰᠤᠨ ᠳᠠᠭᠠᠨ ᠣᠷᠤᠵᠤ ᠢᠳᠡᠭᠦ ᠠᠷᠪᠢᠨ ᠠᠳᠠᠯ᠎ᠠ ᠭᠦᠨᠡᠰᠤᠨ ᠤ ᠬᠠᠩᠭ᠋ᠠᠯᠭ᠎ᠠ ᠭᠡᠮᠵᠢᠶᠡᠳᠡᠢ ᠪᠠᠢ᠌ᠵᠤ᠂ ᠭᠤᠷᠪᠠᠨ ᠯᠠᠩ ᠤᠨ ᠬᠤᠭᠤᠯᠠᠨ ᠳᠤ ᠴᠠᠤᠠᠬᠤ ᠦᠭᠡᠶ ᠪᠣᠯᠬᠤ ᠳᠠᠭᠠᠨ ᠳᠤᠭᠤᠭᠠᠴᠢ ᠪᠠᠭᠰᠢ ᠳᠤ ᠰᠠᠢ᠌ᠮᠰᠤᠷᠬᠠᠵᠤ ᠢᠳᠡᠭᠡᠨ ᠪᠣᠳᠠᠭᠠᠨ ᠰᠦᠮᠤᠰᠤ ᠶᠢ ᠨᠢ ᠭᠤᠶᠤᠵᠤ ᠣᠯᠤᠭᠠᠤᠨ ᠳᠤᠳᠤᠷ᠎ᠠ ᠨᠢ ᠳᠠᠪᠣᠰᠤ ᠭᠢᠵᠤ ᠭᠡᠳᠡᠰᠤ ᠪᠠᠨ ᠳᠦᠭ᠍ᠳᠡᠢ᠌ᠳᠡᠯ᠎ᠡ ᠣᠤᠭᠤᠵᠤ᠂ ᠭᠢᠴᠢᠶᠠᠯ ᠤᠨ ᠴᠠᠭ ᠵᠤᠷᠯᠤᠩ ᠳᠤ ᠭᠦᠶ‍ᠦᠯᠭᠡᠭᠡᠤᠨ ᠰᠣᠢ᠌ᠤᠨ ᠪᠣᠯᠤᠨ᠎ᠡ᠃ ᠭᠡᠷ ᠡᠴᠠ ᠭᠠᠷᠠᠭ ᠪᠦᠷᠢ ᠵᠢᠭᠠᠬᠠᠨ ᠭᠦᠨᠡᠰᠤ ᠵᠠᠷᠮ᠎ᠠ ᠥᠭ᠍ᠳᠡᠭ᠌ ᠪᠣᠯᠪᠠᠴᠤ ᠳᠠᠷᠠ ᠨᠢ ᠶᠠᠭᠤ ᠴᠤ ᠪᠣᠯᠬᠤ ᠦᠭᠡᠶ᠂ ᠭᠡᠳᠦᠭᠡᠨ ᠡᠳᠦᠷ ᠲᠤ ᠬᠤᠪᠬᠤ ᠠᠪᠴᠢᠬᠠᠳᠠᠭ᠃ ᠮᠠᠨ ᠤ ᠳᠡᠭᠡᠷ᠎ᠡ ᠣᠨ ᠤ ᠰᠤᠷᠤᠭᠴᠢ ᠪᠠᠢ᠌ᠭᠰᠠᠨ ᠡᠴᠠ ᠪᠠᠨ ᠣᠷᠤᠯᠠᠬᠤ ᠪᠠᠭᠰᠢ ᠪᠣᠯᠤᠭᠰᠠᠨ ᠰᠢᠵᠢᠷ ᠠᠪᠠᠬᠠᠢ ᠨᠢᠭᠡ ᠡᠳᠦᠷ ᠮᠠᠨ ᠤ ᠪᠠᠢ᠌ᠷᠢ ᠳᠤ ᠢᠷᠡᠭᠡᠤᠨ ᠵᠤᠭᠤᠭᠳᠠᠬᠤ ᠳᠠᠭᠠᠨ᠄ 《ᠳᠠᠨᠠᠷ ᠤᠨ ᠬᠠᠮᠤᠭ ᠶᠡᠭᠡ ᠭᠦᠰᠡᠯ ᠴᠢᠨᠢ ᠶᠠᠭᠤ ᠪᠢᠯᠠ︖》 ᠭᠡᠰᠡᠨ ᠳᠤ᠂ ᠮᠠᠨ ᠤ ᠪᠠᠢ᠌ᠷᠢ ᠶᠢᠨ 《ᠪᠦᠯᠳᠡᠭᠡᠷ ᠰᠠᠮᠵᠠ》 ᠴᠤᠯᠠᠳᠠᠢ ᠪᠠᠠᠽᠠᠷᠠᠭᠴᠠ ᠡᠴᠠ᠄ 《ᠴᠠᠭᠠᠨ ᠭᠤᠯᠢᠷ ᠤᠨ ᠮᠠᠠᠲ᠋ᠸᠤ ᠪᠠᠨ ᠳᠦᠭ᠍ᠳᠥᠢᠳᠡᠯ᠎ᠡ ᠴᠤᠭᠢᠮᠠᠷ ᠪᠠᠢ᠌ᠨ᠎ᠠ》 ᠭᠡᠤᠨ ᠪᠦᠭᠦᠳᠡ ᠶᠢ ᠢᠨᠢᠶᠡᠯᠭᠡᠭ᠍ᠰᠡᠨ ᠪᠠᠢ᠌ᠪᠠ᠃ ᠥᠨᠡ᠊ᠨᠳᠡᠭᠡᠨ ᠡᠨᠡ ᠨᠢ ᠣᠯᠠᠨ ᠤ ᠭᠦᠰᠡᠯ ᠢ ᠳᠤᠰᠬᠠᠭᠰᠠᠨ ᠪᠠᠢ᠌ᠵᠤ ᠰᠢᠤ᠃ ᠡᠷᠳᠡᠮ ᠮᠡᠳᠡᠯᠭᠡ ᠶᠢᠨ ᠭᠦᠡᠵᠡᠭᠡᠢ᠌ᠷᠡᠭᠦ ᠶᠢ ᠳᠠᠭᠠᠯᠳᠤᠨ ᠮᠠᠨ ᠡᠴᠠ ᠬᠤᠯᠠ ᠭᠦᠴᠢᠷᠳᠡᠢ ᠣᠷᠴᠢᠨ ᠳᠤ ᠡᠷᠳᠡᠮ ᠰᠤᠷᠤᠨ᠎ᠡ ᠭᠡᠤᠨ ᠰᠠᠷᠠᠨ ᠤ ᠭᠡᠷᠡᠯ ᠳᠤ ᠨᠤᠮ ᠱᠠᠭᠠᠢ᠌ᠵᠤ᠂ ᠭᠡᠷ ᠤᠨ ᠨᠢᠷᠤᠭᠤᠨ ᠳᠤ ᠭᠡᠵᠢᠭᠡ ᠪᠠᠨ ᠣᠶᠠᠬᠤ ᠪᠣᠶᠤ ᠭᠤᠶ᠎ᠠ ᠪᠠᠨ ᠰᠢᠪᠦᠭᠡᠳᠡᠭ᠍ᠰᠡᠨ ᠰᠠᠢ᠌ᠨ ᠡᠷᠡᠰ ᠤᠨ ᠥᠩᠭᠡᠷᠡᠯᠳᠡ ᠶᠢ ᠥᠵᠡᠭᠡᠤᠨ ᠦᠪᠡᠷ ᠤᠨ ᠴᠢᠷᠮᠠᠢ᠌ᠯᠳᠠ ᠬᠤᠯᠠ ᠭᠦᠷᠦᠯᠴᠡᠭᠦ ᠦᠭᠡᠶ ᠪᠠᠢ᠌ᠬᠤ ᠪᠠᠨ ᠣᠯᠵᠤ ᠮᠠᠳᠠᠪᠠ᠃ ᠳᠡᠭᠡᠵᠤ ᠠᠵᠢᠯ ᠳᠠᠭᠠᠨ ᠠᠯᠮᠠᠢ᠌ᠷᠠᠵᠤ ᠰᠤᠷᠤᠯᠭ᠎ᠠ ᠳᠠᠭᠠᠨ ᠴᠠᠯᠠᠭᠠᠢ᠌ᠷᠠᠭᠰᠠᠭᠠᠷ ᠪᠠᠢ᠌ᠵᠤ ᠳᠠᠪᠢ ᠭᠠᠷᠴᠤ ᠳᠠᠭᠢᠶ᠎ᠠ ᠳᠤᠤᠭᠠᠷᠤᠭᠰᠠᠨ ᠤ ᠪᠠᠨ ᠬᠣᠢ᠌ᠨ᠎ᠡ ᠰᠠ‍‌ᠶᠢ ᠰᠡᠭᠡᠰᠭᠢᠵᠤ᠂ ᠨᠢᠭᠡ ᠶᠠᠭᠤᠮ᠎ᠠ ᠣᠷᠤᠯᠳᠤᠶ᠎ᠠ ᠭᠡᠭᠦᠯᠡᠷ ᠰᠤᠷᠤᠭᠰᠠᠨ ᠮᠡᠳᠡᠯᠭᠡ ᠬᠤᠯᠠ ᠭᠦᠷᠦᠯᠴᠡᠭᠦ ᠦᠭᠡᠢ ᠪᠣᠯᠵᠤ᠂ ᠭᠠᠷ ᠭᠦᠷᠭᠦ ᠦᠭᠡᠶ ᠪᠢᠰᠢ ᠪᠣᠯ ᠭᠠᠠᠵᠤᠭ᠎ᠠ ᠳᠠᠳᠠᠭᠤ ᠰᠠᠨᠠᠭᠳᠠᠭᠠᠤᠨ᠂ ᠨᠢᠳᠤ ᠰᠠᠢ᠌ᠨ ᠦᠶ᠎ᠡ ᠳᠡᠭᠡᠨ ᠣᠩᠰᠢᠵᠤ ᠣᠢ ᠰᠠᠢ᠌ᠨ ᠴᠠᠭ ᠲᠠᠭᠠᠨ ᠴᠡᠭᠡᠵᠢᠯᠡᠭ᠍ᠰᠡᠨ ᠦᠭᠡᠶ ᠳᠡᠭᠡᠨ ᠳᠤᠩ ᠬᠠᠷᠠᠮᠰᠠᠳᠠᠭ ᠪᠣᠯᠪᠠ᠃ ᠳᠡᠭᠡᠯ᠎ᠡ ᠴᠤ ᠴᠠᠭ ᠮᠦᠴᠡ ᠭᠡᠮᠡᠭ᠍ᠴᠢ ᠬᠠᠷᠪᠣᠭᠰᠠᠨ ᠰᠤᠮᠤ ᠠᠳᠠᠯᠢ ᠪᠣᠴᠠᠬᠤ ᠵᠠᠪᠠ ᠭᠡᠵᠤ ᠪᠠᠢ᠌ᠬᠤ ᠦᠭᠡᠶ ᠪᠣᠯᠵᠠᠢ᠃ ᠳᠦᠷᠦᠭᠦᠤ ᠭᠡᠳᠤᠨ ᠡᠳᠦᠷ ᠵᠡᠭᠡᠯᠢ ᠳᠤ ᠭᠠᠷᠴᠤ ᠳᠤᠮᠳᠠᠳᠤ ᠰᠤᠷᠭᠠᠭᠤᠯᠢ ᠶᠢᠨ ᠡᠭᠦᠳᠡᠨ ᠬᠠᠪᠢ ᠳ᠋ᠠᠭᠢ ᠥᠰᠦᠭ᠌ ᠴᠤᠭᠢᠬᠤ ᠭᠠᠵᠠᠷ ᠣᠷᠤᠬᠤ ᠳᠤ᠂ ᠥᠰᠦᠭ᠌ ᠥᠷᠦᠭ᠍ᠴᠢ ᠳᠡᠭᠦᠤ ᠮᠠᠨᠢ ᠳᠦᠷᠦᠭᠦᠭᠡᠨ ᠣᠷᠤᠵᠤ ᠢᠷᠡᠭ᠍ᠰᠡᠨ ᠬᠤᠶᠠᠷ ᠵᠠᠯᠠᠭᠤ ᠪᠠᠭᠰᠢ ᠳᠤ ᠰᠦᠯᠵᠢᠶᠠᠨ ᠡᠴᠠ ᠳᠤᠭᠢᠷᠠᠮᠵᠢᠳᠠᠢ ᠥᠭᠦᠯᠡᠯ ᠤᠨ ᠵᠤᠬᠢᠶᠠᠯ ᠰᠤᠩᠭ᠋ᠤᠵᠤ ᠪᠠᠭᠤᠯᠭᠠᠨ ᠥᠭ᠍ᠴᠤ ᠪᠠᠢ᠌ᠯ᠎ᠠ᠃ ᠠᠵᠤ ᠠᠬᠤᠢ ᠶᠢᠨ ᠣᠬᠠᠭᠠᠨ ᠪᠢᠰᠢᠯᠭᠠᠳᠠᠭ ᠡᠨᠡ ᠵᠠᠯᠠᠭᠤ᠂ ᠣᠯᠤᠰ ᠤᠨ ᠪᠠᠭᠰᠢ ᠶᠢ ᠵᠢᠯ ᠵᠢᠯ ᠥᠭᠦᠯᠡᠯ ᠪᠢᠴᠢᠭᠦᠯᠵᠤ ᠪᠤᠭᠤᠮᠳᠠ ᠭᠡᠳᠦᠯᠭᠡᠳᠡᠭ᠌ ᠵᠢᠮ᠎ᠠ ᠶᠤᠰᠤ ᠶᠢ ᠰᠤᠷᠭᠤᠭ ᠶᠢᠡᠷ ᠵᠠᠪᠰᠢᠵᠤ᠂ ᠵᠢᠭᠠᠨ ᠰᠤᠷᠭᠠᠯᠳᠠ ᠳᠤ ᠬᠤᠯᠪᠣᠭᠳᠠᠭᠰᠠᠨ ᠡᠯᠳᠡᠪ ᠲᠦᠷᠦᠯ ᠤᠨ ᠰᠤᠳᠤᠯᠭᠠᠨ ᠤ ᠥᠭᠦᠯᠡᠯ ᠢ ᠣᠯᠠᠨ ᠳᠡᠭᠦᠵᠤ ᠠᠪᠣᠭᠠᠤᠨ ᠬᠠᠳᠠᠭᠠᠯᠠᠵᠤ ᠳᠠᠯᠪᠢᠵᠠᠢ᠃ ᠬᠠᠷᠠᠩᠭ᠎ᠠ ᠳᠠᠯᠠᠳᠤᠨ ᠬᠠᠷ᠎ᠠ ᠠᠯᠪᠠ ᠬᠠᠰᠢᠳᠠᠭ ᠪᠠᠭᠰᠢᠨᠠᠷ ᠣᠷᠢᠳᠤ ᠳᠠᠭᠠᠨ ᠭᠤᠷᠪᠠ ᠳᠠᠪᠤᠨ ᠵᠠᠭᠤ ᠭᠠᠷᠭᠠᠨ ᠪᠠᠯᠠᠨ ᠥᠭᠦᠯᠡᠯ ᠬᠤᠳᠠᠯᠳᠤᠵᠤ ᠠᠪᠣᠭᠠᠤᠨ ᠠᠯᠪᠠ ᠬᠠᠰᠢᠳᠠᠭ ᠪᠠᠢ᠌ᠭᠰᠠᠨ ᠪᠣᠯ᠂ ᠣᠳᠤ ᠬᠠᠷᠢᠨ ᠭᠡᠳᠦᠭᠡᠨ ᠳᠦᠭᠦᠷᠢᠭ᠌ ᠤᠨ ᠪᠠᠯᠠ ᠵᠠᠷᠤᠭᠠᠤᠨ ᠰᠠᠨᠠᠭᠠᠨ ᠳᠤ ᠳᠤᠭᠤᠭᠳᠠᠭᠰᠠᠨ ᠥᠭᠦᠯᠡᠯ ᠶᠢᠡᠨ ᠰᠤᠩᠭ᠋ᠤᠵᠤ ᠠᠪᠣᠭᠠᠤᠨ ᠨᠠᠷ᠎ᠠ ᠬᠠᠶ‍ᠢᠭ ᠢ ᠨᠢ ᠥᠭᠡᠷᠡᠴᠢᠯᠡᠭᠡᠤᠨ ᠠᠳᠠᠯᠢᠬᠠᠨ 《ᠡᠷᠳᠡᠮᠳᠡᠨ》 ᠴᠤᠯᠠ ᠬᠠᠮᠠᠭᠠᠯᠠᠴᠢᠬᠠᠳᠠᠭ ᠪᠣᠯᠪᠠ᠃ ᠰᠤᠷᠭᠠᠨ ᠭᠦᠮᠦᠵᠢᠯ ᠤᠨ ᠳᠤᠪᠴᠢᠶ᠎ᠠ ᠭᠡᠤᠨ ᠪᠠᠭᠰᠢ ᠶᠢ ᠵᠠᠭᠢᠷᠬᠤ ᠵᠠᠰᠠᠭ ᠵᠠᠭᠢᠷᠭᠠᠨ ᠪᠣᠯᠬᠤ ᠡᠴᠠ ᠪᠢᠰᠢ ᠡᠷᠳᠡᠮᠳᠡᠨ ᠤ ᠪᠦᠳᠦᠭᠡᠯ ᠢ ᠰᠢᠯᠭᠠᠷᠠᠭᠤᠯᠬᠤ ᠡᠷᠳᠡᠮ ᠰᠢᠡᠵᠢᠯᠭᠡᠨ ᠤ ᠲᠦᠪ ᠪᠢᠰᠢ ᠶᠤᠮ ᠬᠣᠢ᠌ᠨ᠎ᠡ᠂ ᠮᠢᠬᠠᠨ ᠤ ᠳᠡᠯᠭᠡᠭᠦᠷ ᠤᠨ ᠵᠡᠩᠭᠦᠢ᠌ᠳᠡ ᠠᠷᠪᠠᠨ ᠳᠦᠭᠦᠷᠢᠭ᠌ ᠶᠢᠡᠨ ᠳᠤᠰᠢᠶᠠᠭᠰᠠᠭᠠᠷ ᠭᠠᠬᠠᠢ ᠶᠢᠨ ᠮᠢᠬᠠᠨ ᠳᠡᠭᠡᠷ᠎ᠡ ᠨᠢ ᠳᠠᠮᠠᠭ᠎ᠠ ᠳᠠᠷᠤᠨ ᠥᠭ᠍ᠴᠤ᠂ ᠬᠤᠳᠠᠯᠳᠤᠵᠤ ᠪᠣᠯᠬᠤ ᠵᠦᠪᠰᠢᠶᠠᠷᠠᠯ ᠣᠯᠴᠢᠬᠠᠳᠠᠭ ᠲᠡᠶ ᠠᠳᠠᠯᠢ ᠪᠠᠷ 《ᠥᠭᠦᠯᠡᠯ》 ᠭᠡᠭ᠍ᠴᠢ ᠴᠤ ᠭᠠᠷᠳᠠᠮ ᠪᠣᠯᠴᠢᠬᠠᠭᠰᠠᠨ ᠠᠵᠢ ᠊᠊᠊᠊᠊᠊᠊᠊᠊᠊᠊᠊᠊᠊᠊ ᠪᠠᠭᠰᠢ ᠨᠢ ᠰᠠ‍‌ᠶᠢ ᠭᠠᠷᠤᠮᠠᠭᠴᠠ ᠬᠠᠭᠠᠯᠭ᠎ᠠ ᠪᠠᠷ ᠥᠩᠭᠦᠯᠵᠡᠵᠤ ᠪᠠᠢ᠌ᠭᠰᠠᠨ ᠳᠠᠪᠣ ᠭᠤᠷᠪᠠᠨ ᠰᠤᠷᠤᠭᠴᠢ ᠴᠢᠭᠢᠯᠳᠤᠨ ᠣᠷᠤᠵᠤ ᠢᠷᠡᠭᠡᠤᠨ ᠭᠢᠮᠢ ᠶᠢᠨ ᠭᠢᠴᠢᠶᠠᠯ ᠤᠨ ᠭᠤᠷᠪᠠᠨ ᠰᠠᠳᠤᠪ ᠤᠨ ᠬᠠᠷᠢᠭᠤᠯᠳᠠ ᠪᠣᠯᠤᠨ ᠠᠪᠣ ᠶᠢᠨ ᠳᠤᠬᠠᠢ ᠪᠢᠴᠢᠭ᠍ᠰᠡᠨ ᠵᠤᠬᠢᠶᠠᠯ ᠨᠢᠭᠡ ᠨᠢᠭᠡ ᠶᠢ ᠰᠤᠩᠭ᠋ᠤᠨ ᠳᠠᠷᠤᠮᠠᠯᠯᠠᠵᠤ ᠠᠪᠣᠭᠠᠤᠨ᠄ 《ᠬᠠᠭᠤᠯᠤᠨ᠎ᠡ ᠭᠡᠰᠡᠨ ᠶᠠᠷᠰᠢᠭ ᠲᠡᠶ ᠠᠵᠢᠯ ᠪᠠᠢ᠌ᠨ᠎ᠠ ᠰᠢᠤ᠂ ᠠᠯᠢ ᠡᠳᠦᠷ ᠮᠠᠨ ᠶᠢᠡᠷ ᠳᠠᠷᠤᠮᠠᠯᠯᠠᠭᠰᠠᠨ ᠳᠠᠰᠬᠠᠯ ᠭᠢᠯᠭᠡᠪᠠᠯ ᠰᠠ‍‌ᠶᠢ ᠨᠢᠭᠡ ᠵᠢᠷᠭᠠᠵᠤ ᠠᠮᠠᠷᠠᠨ᠎ᠠ》 ᠭᠡᠮᠡᠨ ᠴᠤᠤᠭᠢᠯᠳᠤᠭᠰᠠᠭᠠᠷ ᠭᠡᠳᠤᠨ ᠵᠤᠭᠤᠰ ᠥᠯᠡᠳᠡᠭᠡᠭᠡᠤᠨ ᠶᠠᠪᠣᠯ᠎ᠠ᠃ ᠳᠠᠪᠰᠢᠭᠰᠠᠨ ᠴᠠᠭ ᠦᠶ᠎ᠡ ᠶᠢᠨ ᠪᠠᠭᠰᠢ ᠰᠤᠷᠤᠭᠴᠢ ᠭᠡᠳᠡᠭ᠌ ᠴᠢᠨᠢ ᠡᠢ᠌ᠮᠤ ᠯᠠ ᠪᠠᠢ᠌ᠳᠠᠭ ᠶᠤᠮ ᠪᠠᠢ᠌ᠨ᠎ᠠ︕ ᠪᠢ ᠥᠰᠦᠭ᠌ ᠴᠤᠭᠢᠭᠴᠢ ᠳᠡᠭᠦᠤ ᠳᠤ᠄ 《ᠪᠠᠭᠰᠢ ᠨᠢ ᠴᠢᠳᠠᠬᠤ ᠦᠭᠡᠶ ᠶᠤᠮ ᠪᠣᠯ ᠪᠠᠯᠠᠨ ᠶᠠᠭᠤᠮ᠎ᠠ ᠪᠠᠷ ᠠᠯᠪᠠ ᠬᠠᠰᠢᠴᠢᠬᠠᠵᠤ ᠪᠣᠯᠤᠨ᠎ᠡ᠃ ᠰᠤᠷᠤᠭᠴᠢ ᠨᠢ ᠪᠠᠰᠠ ᠪᠠᠯᠠᠨ ᠢ ᠬᠠᠭᠤᠯᠤᠭᠠᠤᠨ ᠶᠠᠭᠤ ᠪᠠᠨ ᠰᠤᠷᠬᠤ ᠪᠢᠯᠠ︖》 ᠭᠡᠵᠤ ᠭᠠᠢ᠌ᠬᠠᠰᠢᠷᠠᠨ ᠶᠠᠷᠢᠪᠠᠯ᠂ ᠳᠠᠷᠠ ᠨᠠᠮᠠᠶ᠋ᠢ ᠳᠤᠭᠤᠮᠵᠢᠷ ᠥᠭᠡᠢ᠌ᠭᠡᠨ ᠰᠢᠷᠪᠢᠵᠤ᠄ 《ᠭᠠᠢ᠌ᠬᠠᠮᠠᠷ ᠶᠠᠭᠤ ᠪᠠᠢ᠌ᠬᠤ ᠪᠣᠢ᠂ ᠰᠢᠡᠵᠢᠯᠡᠭᠦ ᠣᠬᠠᠭᠠᠨ ᠦᠨᠳᠦᠷ ᠲᠦᠪᠰᠢᠨ ᠳᠤ ᠭᠦᠷᠦᠭ᠍ᠰᠡᠨ ᠤ ᠦᠷ᠎ᠡ ᠳ᠋ᠦ᠋ᠩ ᠪᠠᠢ᠌ᠬᠤ ᠦᠭᠡᠶ ᠦᠦ︕》 ᠭᠡᠪᠡ᠃ ᠳᠠᠭᠠᠭᠤᠯᠡᠷ ᠪᠦᠭᠦ ᠣᠯᠤᠰ ᠤᠨ ᠨᠢᠭᠡᠳᠦᠯᠳᠡᠢ ᠵᠢᠭᠠᠬᠤ ᠭᠢᠴᠢᠶᠠᠯ ᠤᠨ ᠪᠢᠴᠢᠭ᠌ ᠤᠨ ᠬᠠᠮᠢᠶ᠎ᠠ ᠲᠡᠶ ᠵᠢᠭᠠᠨ ᠵᠢᠯᠤᠭᠤᠳᠤᠮᠵᠢ᠂ ᠳᠠᠰᠬᠠᠯ ᠤᠨ ᠬᠠᠷᠢᠭᠤᠯᠳᠠ ᠰᠦᠯᠵᠢᠶᠠᠨ ᠳᠡᠭᠡᠷ᠎ᠡ ᠪᠦᠷ ᠭᠦᠢᠴᠡᠳ ᠪᠠᠢ᠌ᠳᠠᠭ ᠶᠤᠮ ᠪᠠᠢ᠌ᠨ᠎ᠠ᠃ ᠪᠠᠭᠰᠢ ᠶᠢᠨ ᠥᠯᠡᠳᠡᠭᠡᠭᠦ ᠳᠠᠰᠬᠠᠯ ᠭᠢᠴᠢᠶᠠᠯ ᠤᠨ ᠪᠢᠴᠢᠭ᠌ ᠡᠴᠠ ᠰᠠᠯᠬᠤ ᠦᠭᠡᠶ ᠯᠠ ᠪᠠᠢ᠌ᠭᠰᠠᠨ ᠴᠠᠭ ᠲᠤ᠂ ᠰᠦᠯᠵᠢᠶ᠎ᠠ ᠡᠴᠠ ᠠᠯᠢ ᠪᠦᠭᠦᠨ ᠢ ᠡᠷᠢᠨ ᠣᠯᠵᠤ ᠪᠣᠯᠤᠨ᠎ᠡ᠃ ᠢᠩᠭᠢᠪᠠᠯ ᠪᠠᠭᠰᠢ ᠵᠢᠭᠠᠬᠤ ᠳᠤ ᠴᠤ ᠠᠮᠠᠷ᠂ ᠰᠤᠷᠤᠭᠴᠢ ᠴᠤ ᠳᠠᠷᠢᠭᠢ ᠭᠦᠳᠡᠯᠭᠡᠨ ᠳᠠᠰᠬᠠᠯ ᠭᠢᠵᠤ ᠭᠦᠴᠦᠯᠡᠭ᠍ᠰᠡᠨ ᠤ ᠭᠡᠷᠡᠭ᠌ ᠠᠯᠠᠭ᠎ᠠ᠃ ᠪᠦᠭᠦᠳᠡᠭᠡᠷ ᠠᠩᠬᠠᠷᠤᠨ ᠥᠵᠡᠭᠡᠴᠢ᠂ ᠰᠢᠡᠵᠢᠯᠡᠭᠦ ᠣᠬᠠᠭᠠᠨ ᠦᠨᠳᠦᠷ ᠲᠦᠪᠰᠢᠨ ᠳᠤ ᠭᠦᠷᠦᠭ᠍ᠰᠡᠭᠡᠷ ᠳᠤᠭᠠᠨ ᠤ ᠳᠤᠮᠢᠶ᠎ᠠ ᠥᠷᠡᠵᠢᠭᠦᠯᠭᠦ ᠣᠩᠰᠢᠯᠭ᠎ᠠ ᠮᠠᠳᠤ ᠶᠢᠨ ᠡᠯᠳᠡᠪ ᠮᠡᠳᠡᠯᠭᠡ ᠶᠢ ᠴᠡᠭᠡᠵᠢᠯᠡᠭ᠍ᠰᠡᠨ ᠤ ᠠᠯᠪᠠ ᠦᠭᠡᠶ᠂ ᠪᠦᠭᠦᠳᠡ ᠶᠢ ᠺᠤᠮᠫᠢᠦ᠋ᠲ᠋ᠧᠷ ᠶᠢᠡᠷ ᠭᠦᠢᠴᠡᠳᠭᠡᠪᠠᠯ ᠪᠣᠯᠴᠢᠬᠤ ᠭᠡᠵᠢ ᠦᠦ︖ ᠁ ᠺᠦᠸᠠᠲ᠋ ᠢᠵᠠᠭᠤᠷ ᠤᠨ ᠭᠦᠰᠦᠨᠦᠭ᠌ ᠢ ᠠᠪᠬᠤ ᠵᠤᠭᠤᠰ ᠦᠭᠡᠶ ᠪᠢᠷ ᠶᠢᠡᠷ ᠪᠣᠳᠤᠵᠤ ᠪᠠᠢ᠌ᠭᠰᠠᠨ ᠪᠢ ᠴᠢᠨᠢ ᠳ᠋ᠠ ᠭᠤᠸᠠᠨ ᠭᠦᠷᠢᠶᠡᠯᠡᠩ ᠳᠤ ᠣᠷᠤᠭᠰᠠᠨ ᠯᠢᠤ ᠡᠮᠡᠭᠡᠨ ᠠᠳᠠᠯᠢ ᠮᠠᠯ ᠭᠠᠢ᠌ᠬᠠᠭᠠᠤᠨ ᠶᠠᠪᠣᠴᠢᠬᠠᠵᠠᠢ᠃ ᠳᠡᠭᠡᠪᠠᠯ ᠪᠢ ᠥᠨᠡᠭᠡᠷ ᠴᠠᠭ ᠤᠨ ᠪᠠᠢ᠌ᠳᠠᠯ ᠡᠴᠠ ᠡᠳᠥᠢᠴᠢᠨᠡᠨ ᠬᠤᠯᠠ ᠬᠤᠴᠤᠷᠴᠢᠬᠠᠭᠰᠠᠨ ᠭᠡᠵᠢ ᠦᠦ︖ ᠡᠰᠡᠭᠦᠯ᠎ᠡ ᠴᠡᠭᠡᠵᠢᠯᠡᠭᠦ ᠦᠭᠡᠶ᠂ ᠳᠠᠷᠢᠭᠢ ᠰᠢᠪᠬᠠᠵᠤ ᠰᠠᠳᠤᠪ ᠪᠣᠳᠤᠬᠤ ᠦᠭᠡᠶ ᠪᠠᠷ ᠮᠡᠳᠡᠯᠭᠡ ᠡᠵᠡᠮᠰᠢᠴᠢᠭᠡᠭᠦ ᠴᠠᠭ ᠦᠶ᠎ᠡ ᠭᠦᠷᠦᠭᠡᠤᠨ ᠢᠷᠡᠴᠢᠭᠡᠪᠠᠤ︖ ᠪᠢ ᠶᠠᠭ ᠣᠢ᠌ᠯᠠᠭᠠᠬᠤ ᠦᠭᠡᠶ ᠪᠣᠯᠴᠢᠬᠠᠵᠠᠢ᠂ ᠥᠷᠭᠡᠨ ᠣᠯᠠᠨ ᠮᠡᠷᠭᠡᠤᠨ ᠮᠠᠨᠢ ᠵᠠᠯᠬᠠᠭᠤᠷᠠᠯ ᠦᠭᠡᠶ ᠰᠡᠭᠡᠭᠡᠷᠡᠭᠦᠯᠭᠦ ᠪᠣᠯᠪᠠᠤ︕

2010 ᠣᠨ ᠤ 6 ᠰᠠᠷᠠᠢ᠌ᠨ 26 ᠳ᠋ᠤ᠃

ᠵᠤᠬᠢᠶᠠᠭᠴᠢ ᠶᠢᠨ ᠬᠠᠶ‍ᠢᠭ ᠄ ᠵᠡᠭᠦᠨ ᠪᠠᠭᠠᠷᠢᠨ ᠤ ᠪᠠᠶᠠᠠᠠᠭᠤᠯᠠ ᠰᠤᠮᠤ


ᠵᠤᠬᠢᠶᠠᠭᠴᠢ᠄ ᠨᠤ᠋·ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12116
ᠴᠠᠭ᠄ 2010 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ