ᠨᠡᠪᠲᠡᠷᠡᠨ ᠤᠷᠤᠬᠤ
ᠵᠠᠯᠠᠭᠤ ᠳᠠᠭᠤᠴᠢᠨ ᠪᠠᠳᠤᠰᠥ᠋ᠭᠡ ᠪᠣᠶᠤ 《ᠠᠷᠤ ᠭᠦᠪᠴᠢ ᠶᠢᠨ ᠣᠨᠠᠭ᠎ᠠ》

ᠦᠵᠦᠮᠤᠴᠢᠨ ᠨᠤᠳᠤᠭ ᠲᠡᠶ ᠵᠠᠯᠠᠭᠤ ᠳᠠᠭᠤᠴᠢᠨ ᠰᠠ᠊·ᠪᠠᠳᠤᠰᠥ᠋ᠭᠡ ᠪᠣᠯ ᠮᠠᠨ ᠤ ᠣᠷᠤᠨ ᠤ ᠨᠠᠷᠠᠳᠤ ᠵᠠᠯᠠᠭᠤ ᠣᠷᠳᠤ ᠶᠢᠨ ᠳᠠᠭᠤᠴᠢᠨ ᠪᠣᠯᠬᠤ ᠶᠤᠮ᠃ ᠳᠠᠷᠠ ᠣᠳᠤ ᠦᠪᠣᠷ ᠮᠤᠩᠭ᠋ᠤᠯ ᠤᠨ ᠳᠠᠭᠤᠤ ᠪᠦᠵᠢᠭ᠌ ᠵᠥᠴᠦᠭᠡ ᠶᠢᠨ ᠭᠦᠷᠢᠶᠡᠯᠡᠩ ᠲᠤ ᠭᠤᠴᠤᠯᠠᠯ ᠳᠠᠭᠤᠴᠢᠨ ᠶᠢᠡᠷ ᠠᠵᠢᠯᠯᠠᠵᠤ ᠪᠣᠢ᠃     

ᠳᠠᠷᠠ ᠬᠤᠰᠢᠭᠤ ᠠᠢ᠌ᠮᠠᠭ ᠡᠴᠡ ᠠᠪᠣᠭᠠᠤᠨ ᠣᠯᠤᠰ ᠣᠷᠤᠨ ᠤ ᠳᠠᠭᠤᠤ ᠶᠢᠨ ᠣᠷᠤᠯᠳᠤᠭᠠᠨ ᠳᠤ ᠣᠯᠠᠨ ᠣᠳᠠᠭ᠎ᠠ ᠣᠷᠤᠯᠴᠠᠵᠤ᠂ ᠰᠢᠯᠢᠳᠡᠭ᠌ ᠰᠠᠢ᠌ᠨ ᠭᠢᠷᠢ ᠪᠦᠳᠦᠮᠵᠢ ᠣᠯᠤᠭᠰᠠᠭᠠᠷ ᠢᠷᠡᠭ᠍ᠰᠡᠨ ᠪᠦᠭᠡᠳ ᠣᠯᠤᠰ ᠣᠷᠤᠨ ᠢ ᠲᠦᠯᠦᠭᠡᠯᠡᠨ᠂ ᠭᠠᠳᠠᠭᠠᠳᠤ ᠳᠤᠳᠤᠭᠠᠳᠤ ᠪᠠᠷ ᠣᠯᠠᠨ ᠣᠳᠠᠭ᠎ᠠ ᠠᠢ᠌ᠯᠴᠢᠯᠠᠨ ᠳᠤᠭᠯᠠᠵᠤ᠂ ᠭᠠᠩᠭ᠋ᠠᠩ ᠴᠡᠭᠡᠯ ᠬᠤᠭᠤᠯᠠᠢ ᠲᠡᠶ ᠭᠠᠷᠮᠠᠭᠠᠢ ᠰᠤᠳᠤᠨ ᠵᠠᠯᠠᠭᠤ ᠳᠠᠭᠤᠴᠢᠨ ᠭᠡᠵᠤ ᠨᠡᠷᠡᠢ᠌ᠳᠦᠭ᠍ᠳᠡᠵᠤ ᠳᠠᠭᠤᠳᠠᠭᠳᠠᠭᠰᠠᠭᠠᠷ ᠢᠷᠡᠭ᠍ᠰᠡᠨ ᠶᠤᠮ᠃

ᠳᠡᠭᠦᠨ ᠤ ᠣᠷᠳᠤ ᠶᠢᠨ ᠳᠠᠭᠤᠤ ᠶᠢᠨ ᠰᠢᠨ᠎ᠠ ᠴᠤᠮᠤᠭ ᠊᠊᠊᠊᠊᠊᠊᠊᠊᠊᠊᠊᠊᠊᠊   《ᠠᠷᠤ ᠭᠦᠪᠴᠢ ᠶᠢᠨ ᠣᠨᠠᠭ᠎ᠠ》   ᠵᠢ ᠳᠠᠷᠬᠠᠭᠠᠬᠤ ᠠᠩᠬᠠᠳᠠᠭᠴᠢ ᠶᠤᠰᠤᠯᠠᠯ᠂ 2011 ᠣᠨ ᠤ 1 ᠰᠠᠷ᠎ᠠ ᠶᠢᠨ 25 ᠊ᠤ ᠡᠳᠦᠷ ᠬᠦᠬᠡᠬᠤᠲᠠ ᠳᠤ ᠶᠠᠪᠣᠭᠳᠠᠪᠠ᠃

ᠶᠤᠰᠤᠯᠠᠯ ᠳᠤ᠂ ᠠᠯᠳᠠᠷᠳᠤ ᠳᠠᠭᠤᠴᠢᠨ ᠪᠤᠶᠡᠨᠳᠡᠯᠭᠡᠷ᠂ ᠪᠠᠳᠮ᠎ᠠ᠂ ᡀᠠᠰᠦ᠋ᠷᠤᠩ᠂ ᠵᠠᠭᠳᠠᠰᠦ᠋ᠷᠤᠩ ᠳᠡᠷᠢᠭᠦᠳᠡᠨ ᠮᠤᠷᠢᠯᠠᠨ ᠰᠠᠭᠠᠳᠠᠵᠤ᠂   ᠪᠠᠳᠤᠰᠥ᠋ᠭᠡ ᠶᠢᠨ ᠪᠠᠢ᠌ᠭᠤᠯᠭ᠎ᠠ ᠨᠢᠭᠡᠴᠡ ᠶᠢᠨ ᠣᠳᠤᠷᠢᠳᠤᠯᠭ᠎ᠠ᠂ ᠬᠠᠮᠳᠤ ᠠᠵᠢᠯᠯᠠᠭᠰᠠᠤᠨ ᠪᠣᠯᠤᠨ ᠨᠠᠢ᠌ᠵᠠ ᠨᠥᠭᠦᠤᠨ᠂ ᠨᠤᠳᠤᠭ ᠨᠢᠭᠡᠳᠡᠳ ᠵᠠᠭᠤ ᠢᠯᠡᠭᠦᠤ ᠭᠦᠮᠦᠰ ᠣᠷᠤᠯᠴᠠᠵᠤ᠂ ᠵᠠᠯᠠᠭᠤ ᠳᠠᠭᠤᠴᠢᠨ ᠤ ᠪᠠᠨ ᠣᠷᠠᠯᠢᠭ ᠊᠊᠊᠊᠊᠊᠊᠊᠊᠊᠊᠊᠊᠊᠊ ᠪᠦᠳᠦᠭᠡᠯ ᠢ ᠰᠤᠨᠢᠷᠬᠠᠨ᠂ ᠰᠠᠢ᠌ᠨ ᠰᠠᠢ᠌ᠬᠠᠨ ᠵᠦᠩᠨᠠᠯ ᠭᠦᠰᠡᠯ ᠶᠢᠡᠨ ᠳᠠᠯᠪᠢᠵᠠᠭᠠᠨ᠂ ᠣᠷᠳᠤ ᠶᠢᠨ ᠳᠠᠭᠤᠤ ᠶᠢᠨ ᠢᠷᠡᠭᠡᠳᠦᠢ ᠨᠠᠩ ᠰᠠᠷᠠᠭᠤᠯ ᠰᠠᠢ᠌ᠬᠠᠨ ᠪᠠᠢ᠌ᠬᠤ ᠶᠢ ᠭᠦᠰᠡᠨ ᠵᠥᠩᠨᠡᠵᠡᠭᠡᠭ᠍ᠰᠡᠨ ᠪᠠᠢ᠌ᠨ᠎ᠠ᠃

《ᠠᠷᠤ ᠭᠦᠪᠴᠢ ᠶᠢᠨ ᠣᠨᠠᠭ᠎ᠠ》  ᠴᠤᠮᠤᠭ ᠲᠤ᠂ ᠪᠠᠳᠤ ᠊᠊᠊᠊᠊᠊᠊᠊᠊᠊᠊᠊᠊᠊᠊ ᠰᠥᠭᠡ ᠶᠢᠨ ᠦᠷᠭᠦᠯᠵᠢ (ᠠᠪᠢᠶᠠᠰᠯᠢᠭ) ᠳᠠᠭᠤᠯᠠᠳᠠᠭ 《ᠪᠣᠭᠳᠠ ᠴᠢᠩᠭᠢᠰ》  ᠂   《ᠶᠡᠭᠡ ᠪᠣᠭᠳᠠ ᠪᠣᠯᠭᠠᠨ ᠬᠠᠩᠭ᠋ᠠᠢ》  ᠂   《ᠣᠷᠢᠬᠠᠨ ᠬᠤᠩᠭ᠋ᠤᠷ ᠰᠠᠯᠭᠢ》  ᠂   《ᠠᠷᠤ ᠭᠦᠪᠴᠢ ᠶᠢᠨ ᠣᠨᠠᠭ᠎ᠠ》  ᠂   《ᠰᠡᠷᠭᠦᠯᠡᠩᠭᠡᠨ ᠠᠭᠤᠯᠠ》  ᠂   《ᠭᠢᠰᠭᠢᠳᠠᠯ ᠰᠠᠢ᠌ᠳᠤ》  ᠂   《ᠰᠡᠷᠮᠡᠭᠦᠨ ᠰᠠᠢ᠌ᠬᠠᠨ ᠰᠸᠶᠠᠯᠵᠢ》  ᠂   《ᠭᠦᠭᠡ ᠪᠣᠷᠤ》  ᠂   《ᠪᠣᠭᠳᠠ ᠬᠠᠩᠭ᠋ᠠᠢ ᠶᠢᠨ ᠰᠢᠯᠢ》  ᠂   《ᠳᠡᠭ᠍ᠷᠢ ᠮᠠᠳᠤ》  ᠂   《ᠵᠢᠭᠠᠬᠠᠨ ᠰᠢᠷᠭ᠎ᠠ》  ᠂   《ᠳᠦᠭᠦᠷᠡᠩ ᠰᠠᠢ᠌ᠬᠠᠨ ᠬᠠᠩᠭ᠋ᠠᠢ》  ᠂   《ᠰᠡᠷᠢᠭᠦᠨ ᠰᠠᠢ᠌ᠬᠠᠨ ᠬᠠᠩᠭ᠋ᠠᠢ》  ᠂   《ᠳᠤᠭᠤᠰ ᠰᠢᠪᠠᠭᠤ》  ᠭᠡᠭᠦ ᠦᠵᠦᠮᠤᠴᠢᠨ ᠊᠊᠊᠊᠊᠊᠊᠊᠊᠊᠊᠊᠊᠊᠊ ᠰᠢᠯᠢ ᠶᠢᠨ ᠭᠤᠤᠯ ᠤᠨ ᠠᠷᠪᠠᠨ ᠳᠦᠷᠪᠠᠨ ᠣᠷᠳᠤ ᠶᠢᠨ ᠳᠠᠭᠤᠤ ᠶᠢ᠂   《ᠪᠦᠭᠡ ᠪᠠᠯᠭᠦᠦᠳᠡᠢ》   (ᠵᠤᠭᠢᠶᠠᠯ ᠤᠨ ᠳᠠᠭᠤᠤ)᠂   《ᠦᠨᠳᠦᠷ ᠶᠡᠭᠡ ᠡᠡᠯᠡᠱᠡ》  ᠭᠡᠭᠦ ᠬᠤᠶᠠᠷ ᠳᠠᠭᠤᠤ ᠲᠡᠶ ᠬᠠᠮᠳᠤ ᠰᠢᠩᠭᠡᠭᠡᠨ ᠪᠠᠭᠳᠠᠭᠠᠵᠠᠢ᠃

    ᠪᠠᠳᠤᠰᠥ᠋ᠭᠡ ᠪᠣᠯ ᠰᠢᠯᠢ ᠶᠢᠨ ᠭᠤᠤᠯ ᠠᠢ᠌ᠮᠠᠭ ᠤᠨ ᠵᠡᠭᠦᠨ ᠦᠵᠦᠮᠤᠴᠢᠨ ᠬᠤᠰᠢᠭᠤᠨ ᠤ ᠳᠤᠮᠳᠠᠭᠤᠪᠢ ᠰᠤᠮᠤᠨ ᠤ ᠡᠷᠳᠡᠨᠢᠠ᠋ᠭᠤᠯᠡ ᠭᠠᠴᠠᠭ᠎ᠠ ᠶᠢᠨ ᠭᠦᠮᠤᠨ᠃ 1979 ᠣᠨ ᠳᠤ᠂ ᠣᠤᠯ ᠤᠨ ᠦᠵᠦᠮᠤᠴᠢᠨ ᠪᠠᠷᠠᠭᠤᠨ ᠬᠤᠰᠢᠭᠤᠨ ᠤ ᠳᠠᠢ᠌ᠵᠢᠨᠠᠷ ᠰᠤᠮᠤᠨ ᠤ ᠬᠠᠷᠢᠶᠠᠳᠤ᠂ ᠠᠷᠤ ᠪᠣᠷᠤᠯᠵᠢ᠂ ᠵᠢᠷᠦᠭᠡ ᠬᠠᠳᠠ᠂ ᠭᠤᠷᠪᠠᠨ ᠳᠤᠯᠠᠭᠠᠨ᠂ ᠳᠤᠯᠤᠭᠤᠳ ᠤᠨ ᠭᠤᠪᠢ ᠪᠠᠷ ᠨᠤᠳᠤᠭᠯᠠᠳᠠᠭ ᠳᠠᠩᠭ᠋ᠠᠳ ᠤᠨ (《ᠳᠠᠪᠤᠨ ᠭᠡᠯᠡ》  ᠲ᠋ᠡᠢ ᠳᠠᠩᠭ᠋ᠠᠳ ᠴᠤ ᠭᠡᠳᠡᠭ᠌) ᠰᠠᠭᠠᠷ᠎ᠠ ᠪᠣᠯᠤᠨ ᠵᠠᠮᠪᠠᠯᠨᠢᠩᠪᠣ ᠶᠢᠨ ᠳᠡᠯᠭᠡᠷ ᠤᠨ ᠶᠡᠭᠡ ᠭᠦᠪᠠᠭᠦᠨ ᠪᠣᠯᠵᠤ ᠳᠤᠰ ᠭᠠᠴᠠᠭ᠎ᠠ (ᠡᠷᠳᠡᠨᠢᠠ᠋ᠭᠤᠯᠠ) ᠵᠢᠨ ᠳᠤᠷᠭᠠᠨ ᠭᠦᠷᠦᠰᠤᠨ᠎ᠡ ᠵᠠᠶᠠᠭᠠᠵᠠᠢ᠃   

    ᠲ᠋ᠡᠷᠡ᠂   ᠲᠦᠷᠦᠭᠦᠤ ᠵᠠᠭᠤᠨ ᠤ ᠶᠡᠷᠡᠭᠡᠳ ᠣᠨ ᠶᠢᠡᠷ ᠬᠠᠶᠠ ᠨᠢᠭᠡ ᠶᠠᠪᠣᠭᠳᠠᠵᠤ ᠪᠠᠢ᠌ᠭᠰᠠᠨ ᠣᠰᠤ ᠨᠤᠳᠤᠭ ᠤᠨ ᠶᠢᠡᠨ ᠳᠠᠭᠤᠤ ᠰᠢᠯᠦᠭ᠌ ᠤᠨ ᠣᠷᠤᠯᠳᠤᠭᠠᠨ ᠳᠤ ᠠᠯᠳᠠᠯ ᠦᠭᠡᠶ ᠣᠷᠤᠯᠴᠠᠵᠤ ᠣᠳᠤ ᠲᠡᠶ ᠭᠢᠯᠠᠷᠠᠵᠤ ᠶᠠᠪᠣᠵᠤ ᠪᠠᠢ᠌ᠭᠰᠠᠨ ᠶᠢᠡᠨ᠂ 2000 ᠣᠨ ᠳᠤ ᠪᠠᠷᠠᠭᠤᠨ ᠦᠵᠦᠮᠤᠴᠢᠨ ᠬᠤᠰᠢᠭᠤᠨ ᠤ ᠣᠯᠠᠭᠠᠨᠮᠦ᠋ᠴᠢᠷ ᠲᠤ ᠣᠷᠳᠤ ᠶᠢᠨ ᠳᠠᠭᠤᠴᠢᠨ ᠶᠢᠡᠷ ᠡᠯᠰᠡᠭ᠍ᠳᠡᠵᠤ᠂ ᠦᠪᠡᠷ ᠤᠨ ᠵᠢᠩᠭᠢᠨᠢ ᠣᠷᠠᠯᠢᠭᠴᠢᠨ ᠪᠣᠯᠬᠤ ᠠᠩᠬᠠᠨ ᠤ ᠭᠠᠷᠭᠠᠭ᠎ᠠ ᠪᠠᠨ ᠠᠪᠴᠤ ᠠᠯᠤᠰ ᠤᠨ ᠬᠠᠷᠭᠤᠢ ᠪᠠᠨ ᠭᠦᠭᠡᠭᠡᠵᠡᠢ᠃

     ᠪᠠᠳᠤᠰᠥ᠋ᠭᠡ ᠪᠣᠯ 2004 ᠣᠨ ᠳᠤ ᠮᠤᠩᠭ᠋ᠤᠯ ᠣᠯᠤᠰ ᠤᠨ ᠣᠯᠠᠭᠠᠠᠪᠠᠭᠠᠳᠤᠷ ᠬᠤᠳᠠᠨ᠎ᠠ ᠪᠣᠯᠤᠭᠰᠠᠨ 《ᠳᠤᠷᠵᠢᠳᠠᠪᠠᠭ》  ᠨᠠᠷᠠᠮᠵᠢᠳᠤ ᠣᠯᠠᠨ ᠣᠯᠤᠰ ᠤᠨ ᠣᠷᠳᠤ ᠶᠢᠨ ᠳᠠᠭᠤᠤ ᠶᠢᠨ ᠳᠡᠮᠡᠴᠡᠭᠡᠨ ᠤ ᠠᠯᠳᠠᠨ ᠮᠠᠲ᠋ᠸᠠᠯ ᠤᠨ ᠡᠵᠡᠨ᠂ 2006 ᠣᠨ ᠳᠤ ᠦᠪᠣᠷ ᠮᠤᠩᠭ᠋ᠤᠯ ᠤᠨ ᠠᠩᠬᠠᠳᠠᠭᠴᠢ ᠣᠳᠠᠭᠠᠨ ᠤ 《ᠵᠠᠭᠤᠠᠨᠠᠰᠤᠳᠤ》  ᠬᠤᠠᠳᠠᠭᠠᠳᠤ ᠣᠷᠳᠤ ᠶᠢᠨ ᠳᠠᠭᠤᠤ ᠶᠢᠨ ᠳᠡᠮᠡᠴᠡᠭᠡᠨ ᠤ ᠮᠡᠷᠭᠡᠵᠢᠯ ᠤᠨ ᠳᠠᠭᠤᠴᠢᠳ ᠤᠨ ᠳᠡᠷᠢᠭᠦᠨ᠂ 2006 ᠣᠨ ᠳᠤ ᠪᠦᠭᠦ ᠣᠯᠤᠰ ᠤᠨ ᠵᠠᠯᠠᠭᠤ ᠳᠠᠭᠤᠴᠢᠳ ᠤᠨ ᠳᠸᠯᠸᠰ ᠱᠠᠩᠨᠠᠯᠳᠤ ᠳᠠᠭᠤᠤ ᠶᠢᠨ ᠳᠡᠮᠡᠴᠡᠭᠡᠨ ᠤ ᠦᠪᠣᠷ ᠮᠤᠩᠭ᠋ᠤᠯ ᠤᠨ ᠬᠤᠪᠢᠶᠠᠷᠢ ᠣᠷᠤᠯᠳᠤᠭᠠᠨ ᠤ ᠳᠡᠷᠢᠭᠦᠨ᠂ 2010 ᠣᠨ ᠳᠤ ᠠᠩᠬᠠᠳᠠᠭᠴᠢ ᠣᠳᠠᠭᠠᠨ ᠤ 《ᡀᠠᠵᠠᠪ》  ᠬᠤᠠᠳᠠᠭᠠᠳᠤ ᠪᠦᠭᠦ ᠣᠯᠤᠰ ᠤᠨ ᠣᠷᠳᠤ ᠶᠢᠨ ᠳᠠᠭᠤᠤ ᠶᠢᠨ ᠳᠡᠮᠡᠴᠡᠭᠡᠨ ᠤ ᠳᠡᠷᠢᠭᠦᠨ ᠪᠠᠢ᠌ᠷᠢ ᠶᠢᠨ ᠡᠵᠡᠨ ᠵᠡᠷᠭᠡ ᠪᠠᠢ᠌ᠭ᠎ᠠ ᠶᠤᠮ᠃   ᠲ᠋ᠠᠷᠠ ᠪᠠᠷ᠂ 2007 ᠣᠨ ᠳᠤ ᠶᠡᠷᠦᠩᠭᠡᠢ ᠰᠠᠢ᠌ᠳ ᠸᠧᠨ ᠵᠢᠶᠠ ᠪᠣᠤ ᠶᠢᠨ ᠳᠠᠭᠠᠭᠤᠯᠭ᠎ᠠ ᠪᠠᠷ ᠶᠠᠫᠣᠨ ᠣᠯᠤᠰ ᠤᠨ ᠳᠤᠤᠺᠢᠤ᠋ ᠬᠤᠳᠠᠨ᠎ᠠ ᠳᠤᠮᠳᠠᠳᠤ ᠶᠠᠫᠣᠨ ᠤ ᠨᠥᠭᠦᠷᠰᠡᠭ᠌ ᠬᠠᠷᠢᠯᠴᠠᠭᠠᠨ ᠤ ᠺᠦᠽᠡᠢ᠌ᠷᠡᠲ᠋ ᠳᠤ ᠣᠷᠤᠯᠴᠠᠭᠰᠠᠨ ᠴᠤᠷ ᠤᠨ ᠭᠠᠭᠴᠠ ᠡᠷᠡᠭ᠍ᠳᠡᠢ (ᠢᠵᠠᠭᠤᠷ) ᠣᠷᠳᠤ ᠶᠢᠨ ᠳᠠᠭᠤᠤ ᠶᠢᠨ ᠳᠠᠭᠤᠴᠢᠨ ᠪᠣᠯᠬᠤ ᠪᠦᠭᠡᠳ ᠡᠡᠩᠭ᠍ᠯᠢ᠂ ᠢᠲ᠋ᠠᠯᠢ᠂ ᠶᠠᠫᠣᠨ᠂ ᠹᠷᠠᠠᠽᠢ᠂ ᠮᠤᠩᠭ᠋ᠤᠯ᠂ ᠰᠢᠶᠠᠩᠭ᠋ᠠᠩ᠂ ᠣᠤᠮᠧᠨ᠂ ᠳᠠᠢ᠌ᠸᠠᠨ ᠵᠡᠷᠭᠡ ᠣᠯᠤᠰ ᠪᠣᠶᠤ ᠭᠠᠵᠠᠷ ᠣᠷᠤᠨ ᠨᠤᠭᠤᠳ ᠶᠢᠡᠷ ᠣᠠᠯᠠ ᠣᠳᠠᠭ᠎ᠠ ᠠᠢ᠌ᠯᠴᠢᠯᠠᠨ ᠳᠤᠭᠯᠠᠵᠤ ᠣᠷᠳᠤ ᠶᠢᠨ ᠳᠠᠭᠤᠤ ᠶᠢᠨ ᠶᠢᠡᠨ ᠡᠭᠡᠰᠢᠭ᠌ ᠢ ᠭᠦᠷᠭᠡᠵᠤ ᠶᠠᠪᠣᠭᠰᠠᠨ ᠠᠪᠢᠶᠠᠰᠯᠢᠭ ᠰᠤᠳᠤᠨ ᠳᠠᠭᠤᠴᠢᠨ ᠪᠣᠯᠬᠤ ᠪᠢᠯᠠ︕ ᠮᠦᠨᠴᠤ ᠳᠠ ᠪᠢᠳᠠᠨ ᠤ ᠳᠠᠨᠢᠯ ᠳᠠᠰᠤᠯ ᠪᠣᠯᠤᠭᠰᠠᠨ ᠭᠠᠠᠵᠤᠭ᠎ᠠ ᠰᠠᠢ᠌ᠳᠠᠢ ᠭᠠᠩᠭ᠋ᠠᠩ ᠰᠤᠳᠤᠨ ᠵᠠᠯᠠᠭᠤ ᠳᠠᠭᠤᠴᠢᠨ ᠪᠣᠯᠬᠤ ᠪᠢᠯᠠ︕


                 2011.01.25 ᠊ᠤ ᠦᠳᠡ ᠶᠢᠨ ᠬᠣᠢ᠌ᠨ᠎ᠠ᠂ ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠬᠢᠮ ᠴᠤᠤᠲᠠᠳ
ᠳᠠᠷᠤᠮ᠄ 5176
ᠴᠠᠭ᠄ 2011 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ