ᠨᠡᠪᠲᠡᠷᠡᠨ ᠤᠷᠤᠬᠤ
ᠪᠣᠷᠤᠭᠠᠨ ᠣᠷᠤᠨ᠎ᠠ

ᠡᠷᠦᠭᠡ ᠪᠠᠨ ᠪᠦᠳᠦᠭᠡᠭ᠍ᠰᠡᠨ ᠠᠢ᠌ᠯ ᠤᠨ

ᠭᠦᠯᠳᠦᠷᠭᠡ ᠶᠢ ᠢᠯᠪᠢᠵᠤ ᠣᠷᠤᠨ᠎ᠠ

ᠵᠦᠪ ᠵᠥᠭᠡᠯᠡᠨ᠂

ᠥᠩᠭᠡ ᠪᠠᠨ ᠠᠯᠳᠠᠭᠰᠠᠨ ᠨᠠᠪᠴᠢᠰ ᠤᠨ

ᠭᠦᠰᠡᠯ ᠢ ᠴᠢᠮᠠᠵᠤ ᠣᠷᠤᠨ᠎ᠠ

ᠨᠠᠪ ᠨᠠᠮᠤᠭᠤᠨ᠂

ᠪᠣᠳᠤᠯᠠᠭᠳᠠᠵᠤ ᠮᠤᠷᠳᠠᠬᠤ ᠭᠡᠦᠭᠡᠨ ᠰᠢᠭ᠌

ᠢᠴᠢᠵᠤ ᠣᠷᠤᠨ᠎ᠠ

ᠳᠤᠪ ᠳᠤᠭᠤᠢ᠂

ᠪᠣᠳᠤᠯ ᠳᠤ ᠮᠠᠨᠠᠭᠳᠠᠬᠤ ᠵᠡᠭᠦᠳᠤᠨ ᠰᠢᠭ᠌

ᠣᠴᠢᠯᠠᠵᠤ ᠣᠷᠤᠨ᠎ᠠ

ᠭᠦᠪ ᠭᠦᠭ᠍ᠵᠢᠭᠦᠨ᠃

ᠭᠠᠳᠠᠨ᠎ᠠ

ᠪᠣᠷᠤᠭᠠᠨ ᠣᠷᠤᠨ᠎ᠠ

ᠭᠠᠵᠠᠷ ᠳᠡᠭᠡᠷ᠎ᠡ ᠯᠠ ᠪᠢᠰᠢ

ᠪᠣᠳᠤᠯ ᠳᠡᠭᠡᠷ᠎ᠡ ᠣᠷᠤᠨ᠎ᠠ᠃

ᠠᠳᠤᠭᠤᠳ ᠶᠢᠡᠨ ᠰᠠᠷᠠᠪᠴᠢᠯᠠᠭᠰᠠᠨ ᠨᠤᠳᠤᠭ ᠶᠢᠡᠨ

ᠠᠷᠭᠠᠳᠠᠵᠤ ᠣᠷᠤᠨ᠎ᠠ

ᠭᠦᠪ ᠭᠦᠡᠳᠤ᠂

ᠠᠮᠠᠷᠠᠭᠬᠠᠨ ᠰᠡᠳᠭᠢᠯ ᠤᠨ ᠭᠤᠭᠴᠤᠭ᠎ᠠ ᠶᠢ

ᠠᠯᠳᠠᠷᠭᠠᠵᠤ ᠣᠷᠤᠨ᠎ᠠ

ᠳᠤᠪ ᠳᠤᠯᠠᠭᠠᠨ᠂

ᠭᠦᠤ ᠪᠠᠨ ᠰᠠᠨᠠᠭᠰᠠᠨ ᠡᠵᠢ ᠰᠢᠭ᠌ ᠶᠢᠡᠨ

ᠭᠦᠯᠢᠶᠡᠵᠤ ᠣᠷᠤᠨ᠎ᠠ

ᠬᠤᠪ ᠬᠤᠯᠠ᠂

ᠭᠦᠡᠳᠡᠢ ᠪᠠᠷ ᠣᠩᠰᠢᠭᠳᠠᠬᠤ ᠥᠰᠦᠭ᠌ ᠰᠢᠭ᠌ ᠶᠢᠡᠷ

ᠭᠦᠩᠭᠡᠭᠡᠨ ᠣᠷᠤᠨ᠎ᠠ

ᠪᠦᠪ ᠪᠦᠳᠡᠭᠢ᠃

ᠭᠠᠳᠠᠨ᠎ᠠ

ᠪᠣᠷᠤᠭᠠᠨ ᠣᠷᠤᠨ᠎ᠠ

ᠣᠭᠢᠯᠠᠵᠤ ᠮᠦᠷᠳᠡᠭᠡᠨ

ᠬᠠᠢ᠌ᠯᠠᠵᠤ ᠣᠷᠤᠨ᠎ᠠ᠃


᠊᠊᠊᠊᠊᠊᠊᠊᠊᠊᠊᠊᠊᠊᠊ 2008.03.12(ᠡᠨᠡ ᠵᠢᠯ ᠤᠨ ᠠᠩᠬᠠᠨ ᠤ ᠪᠣᠷᠤᠭᠠᠨ03.12 ᠳ᠋ᠤ ᠣᠷᠤᠪᠠᠢ)

ᠰᠢᠯᠢ ᠶᠢᠨ ᠬᠤᠳᠠ


ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠨᠠ᠊·ᠰᠦᠬᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ