☆ ᠳᠠᠩᠨᠤᠳ ᠬᠠᠢ᠌ᠬᠤ
ᠨᠤᠨ ᠬᠤᠷᠴᠢᠨ ᠮᠤᠩᠭ᠋ᠤᠯᠴᠤᠳ ᠤᠨ ᠬᠤᠶᠠᠷ ᠱᠠᠰᠢᠨ ᠤ ᠬᠤᠯᠢᠮᠠᠭ ᠰᠤᠶᠤᠯ ᠲᠡᠶ 《ᠱᠠᠩᠰᠢ ᠶᠢᠨ ᠮᠤᠳᠤ》᠂ 《ᠮᠠᠨᠢ ᠶᠢᠨ ᠮᠤᠳᠤ》 ᠶ᠋ᠢᠨ ᠰᠢᠳᠦᠯᠭᠡ ᠡᠴᠡ ᠰᠡᠳᠦᠪᠯᠡᠭᠦ ᠨᠢ
【ᠠᠭᠤᠯᠭ᠎ᠠ ᠶᠢᠨ ᠳᠤᠪᠴᠢ 】ᠣᠵᠠᠭᠤᠷ ᠮᠤᠩᠭ᠋ᠤᠯᠴᠤᠳ ᠲᠤ ᠪᠦᠭᠡ ᠶᠢᠨ ᠱᠠᠰᠢᠨ ᠤ ᠰᠤᠶᠤᠯ ᠤᠨ ᠮᠤᠳᠤᠨ ᠰᠢᠳᠦᠯᠭᠡ ᠪᠠᠢ᠌ᠳᠠᠭ᠃ ᠨᠤᠨ ᠬᠤᠷᠴᠢᠨ ᠮᠤᠩᠭ᠋ᠤᠯᠴᠤᠳ ᠤᠨ ᠰᠢᠳᠦᠭᠡᠨ ᠮᠤᠳᠤ ᠶᠢᠨ ᠣᠠᠴᠠᠯᠢᠭ ᠲᠤ ᠭᠤᠤᠯᠳᠠᠭᠤ ᠬᠠᠢ᠌ᠯᠠᠰᠤ ᠪᠣᠶᠤ ᠣᠳᠠ ᠪᠠᠢ᠌ᠵᠤ ᠮᠠᠩᠬ᠎ᠠ ᠶᠢᠨ ᠣᠷᠤᠢ᠂ ᠠᠭᠤᠳᠠᠮ ᠳᠠᠯ᠎ᠠ ᠶᠢᠨ ᠳᠤᠮᠳᠠ᠂ ᠡᠪᠠᠰᠤ ᠮᠤᠳᠤ ᠣᠷᠭᠤᠭᠰᠠᠨ ᠦᠭᠡᠶ ᠳᠠᠴᠢᠷ ᠭᠠᠵᠠᠷ ᠲᠤ ᠭᠠᠭᠴᠠᠭᠠᠷ ᠬᠤᠶᠠᠷᠬᠠᠨ ᠶᠢᠡᠷ ᠣᠷᠭᠤᠭᠰᠠᠨ ᠪᠦᠳᠦᠭᠦᠨ ᠰᠠᠭᠯᠠᠭᠠᠷ ᠬᠠᠢ᠌ᠯᠠᠰᠤᠨ ᠮᠤᠳᠤ ᠪᠣᠶᠤ ᠣᠳᠠ ᠮᠤᠳᠤ ᠶᠢ ᠱᠠᠩᠰᠢ ᠶᠢᠨ ᠮᠤᠳᠤ ᠭᠡᠵᠤ ᠰᠢᠳᠤᠨ ᠳᠠᠭᠢᠳᠠᠭ ᠡᠴᠡ ᠭᠠᠳᠠᠨ᠎ᠠ 《ᠮᠠᠨᠢ ᠶᠢᠨ ᠮᠤᠳᠤ》 ᠶ᠋ᠢᠨ ᠰᠢᠳᠦᠯᠭᠡ ᠪᠠ ᠰᠤᠬᠠᠢ ᠮᠤᠳᠤᠨ ᠳᠤᠮ ᠰᠢᠪᠰᠢᠯᠭᠡ ᠨᠢ ᠪᠦᠷ ᠦᠪᠡᠷᠮᠢᠴᠠ ᠣᠠᠴᠠᠯᠢᠭ ᠲᠡᠶ ᠪᠠᠢ᠌ᠳᠠᠭ᠃ ᠳᠤᠰ ᠥᠭᠦᠯᠡᠯ ᠳᠤ ᠨᠤᠨ ᠬᠤᠷᠴᠢᠨ ᠮᠤᠩᠭ᠋ᠤᠯᠴᠤᠳ ᠤᠨ ᠣᠵᠠᠭᠤᠷ ᠱᠠᠰᠢᠨ ᠪᠦᠭᠡ ᠶᠢᠨ ᠰᠤᠶᠤᠯ ᠤᠨ ᠰᠠᠭᠤᠷᠢ ᠲᠡᠶ᠂ ᠰᠢᠷ᠎ᠠ ᠶᠢᠨ ᠱᠠᠰᠢᠨ ᠤ ᠣᠶᠠᠯᠳᠤᠯ ᠲᠡᠶ 《ᠮᠠᠨᠢ ᠶᠢᠨ ᠮᠤᠳᠤ》 ᠡᠴᠡ ᠰᠠᠳᠤᠪᠯᠠᠵᠤ ᠬᠤᠷᠴᠢᠨ ᠮᠤᠩᠭ᠋ᠤᠯᠴᠤᠳ ᠤᠨ ᠳᠤᠮᠳᠠ ᠥᠯᠡᠳᠡᠭ᠍ᠳᠡᠨ ᠣᠯᠠᠮᠵᠢᠯᠠᠭᠳᠠᠵᠤ ᠢᠷᠡᠭ᠍ᠰᠡᠨ ᠣᠤᠷ ᠰᠤᠶᠤᠯ ᠡᠴᠡ ᠮᠤᠩᠭ᠋ᠤᠯᠴᠤᠳ ᠤᠨ ᠨᠡᠢ᠌ᠭᠡᠮ ᠳᠡᠦᠭᠡ᠂ ᠭᠦᠮᠤᠨ ᠪᠠᠢ᠌ᠭᠠᠯᠢ ᠶᠢᠨ ᠣᠷᠤᠰᠢᠬᠤᠢ ᠳᠤ ᠥᠵᠡᠭᠦᠯᠵᠤ ᠪᠠᠢ᠌ᠭ᠎ᠠ ᠠᠴᠢ ᠳᠤᠰᠠᠴᠢ ᠨᠥᠯᠦᠭᠡ ᠶᠢ ᠢᠷᠠᠨ ᠥᠭᠦᠯᠡᠵᠡᠢ᠃
【ᠲᠦᠯᠭᠢᠭᠦᠷ ᠥᠭᠡ 】ᠨᠤᠨ ᠬᠤᠷᠴᠢᠨ ᠮᠤᠩᠭ᠋ᠤᠯᠴᠤᠳ᠂ ᠬᠤᠶᠠᠷ ᠱᠠᠰᠢᠨ ᠤ ᠣᠶᠠᠯᠳᠤᠯ᠂ ᠱᠠᠩᠰᠢ ᠶᠢᠨ ᠮᠤᠳᠤ᠂ ᠮᠠᠨᠢ ᠶᠢᠨ ᠮᠤᠳᠤ᠃
ᠨᠤᠨ ᠬᠤᠷᠴᠢᠨ ᠮᠤᠩᠭ᠋ᠤᠯᠴᠤᠳ ᠤᠨ 《ᠱᠠᠩᠰᠢ ᠶᠢᠨ ᠮᠤᠳᠤ》᠂ 《ᠮᠠᠨᠢ ᠶᠢᠨ ᠮᠤᠳᠤ》 ᠶ᠋ᠢᠨ ᠰᠢᠳᠦᠯᠭᠡ ᠶᠢᠨ ᠢᠷᠠᠯᠳᠠ ᠶᠢ ᠥᠭᠦᠯᠡᠪᠠᠯ ᠪᠦᠭᠡ ᠶᠢᠨ ᠱᠠᠰᠢᠨ ᠪᠠ ᠰᠢᠷ᠎ᠠ ᠶᠢᠨ ᠱᠠᠰᠢᠨ ᠳᠤ ᠰᠢᠭᠤᠳ ᠬᠤᠯᠪᠣᠭᠳᠠᠨ᠎ᠠ᠃ 1578 ᠣᠨ ᠳᠤ ᠪᠣᠯᠤᠭᠰᠠᠨ ᠮᠤᠩᠭ᠋ᠤᠯ ᠤᠨ ᠠᠯᠳᠠᠨ ᠬᠠᠭᠠᠨ ᠪᠠ ᠲᠦᠪᠡᠳ ᠤᠨ ᠰᠤᠳᠨᠠᠮᠵᠠᠮᠰᠤ ᠯᠠᠮᠠ ᠲᠡᠶ ᠬᠠᠮᠵᠢᠨ ᠬᠤᠷᠠᠯᠳᠤᠭᠰᠠᠨ ᠴᠠᠪᠴᠢᠶᠠᠯ ᠰᠦᠮ᠎ᠡ ᠶᠢᠨ ᠶᠡᠭᠡ ᠬᠤᠷᠠᠯ ᠳᠤ ᠪᠦᠭᠡ ᠶᠢᠨ ᠱᠠᠰᠢᠨ ᠢ ᠬᠠᠤᠯᠢ ᠪᠣᠰᠤ ᠶᠢᠨ ᠱᠠᠰᠢᠨ ᠳᠤ ᠳᠤᠭᠠᠴᠠᠵᠤ ᠴᠢᠩᠭ᠋᠎ᠠ ᠴᠠᠭᠠᠵᠠᠯᠠᠭᠰᠠᠨ ᠡᠴᠡ ᠨᠠᠰᠢ 200 ᠰᠢᠬᠠᠮ ᠵᠢᠯ ᠤᠨ ᠣᠷᠳᠤ ᠬᠤᠭᠤᠴᠠᠭ᠎ᠠ ᠪᠠᠷ ᠳᠠᠷᠤᠩᠭ᠋ᠣᠢ᠌ᠯᠠᠯ ᠭᠢᠭ᠍ᠰᠡᠨ ᠭᠡᠪᠠᠴᠤ ᠪᠦᠷᠢᠮᠦᠰᠤᠨ ᠣᠰᠠᠳᠬᠠᠵᠤ ᠳᠡᠢ᠌ᠯᠦᠭ᠍ᠰᠡᠨ ᠦᠭᠡᠶ᠂ ᠣᠠᠴᠠᠭᠠᠢ᠌ᠯᠠᠨ ᠬᠤᠷᠴᠢᠨ ᠨᠤᠳᠤᠭ ᠲᠤ ᠪᠦᠭᠡ ᠶᠢᠨ ᠱᠠᠰᠢᠨ ᠤ ᠨᠥᠯᠦᠭᠡ ᠳᠤᠰᠬᠠᠯ ᠨᠢ ᠠᠷᠠᠤᠨ ᠣᠯᠠᠨ ᠤ ᠠᠮᠢᠳᠤᠷᠠᠯ ᠤᠨ ᠵᠠᠩ ᠵᠠᠩᠰᠢᠯ ᠳ᠋ᠤᠨᠢ ᠳᠤᠩ ᠴᠢᠬᠤᠯᠠ ᠪᠠᠢ᠌ᠷᠢ ᠰᠠᠭᠤᠷᠢ ᠶᠢ ᠡᠵᠡᠯᠡᠭ᠍ᠰᠡᠭᠡᠷ ᠢᠷᠠᠵᠠᠢ᠃ ᠬᠤᠶᠠᠷ ᠵᠣᠢ᠌ᠯ ᠤᠨ ᠱᠠᠰᠢᠨ ᠨᠢ ᠳᠠᠮᠠᠴᠠᠯᠳᠤᠨ ᠳᠡᠮᠡᠴᠡᠯᠳᠦᠭ᠍ᠰᠡᠭᠡᠷ ᠡᠴᠦᠰ ᠲᠤ ᠪᠠᠨ ᠪᠦᠭᠡ ᠶᠢᠨ ᠱᠠᠰᠢᠨ ᠨᠢ ᠬᠠᠷ᠎ᠠ ᠴᠠᠭᠠᠨ ᠬᠤᠶᠠᠷ ᠵᠥᠭ᠌ ᠪᠣᠯᠤᠨ ᠵᠠᠳᠠᠷᠠᠨ᠂ ᠴᠠᠭᠠᠨ ᠵᠥᠭ᠌ ᠤᠨ ᠪᠦᠭᠡ ᠨᠢ ᠯᠠᠮᠠ ᠶᠢᠨ ᠱᠠᠰᠢᠨ ᠢ ᠭᠦᠯᠢᠶᠡᠨ ᠠᠪᠴᠤ ᠪᠦᠭᠡ ᠶᠢᠨ ᠱᠠᠰᠢᠨ ᠪᠠ ᠯᠠᠮᠠ ᠶᠢᠨ ᠱᠠᠰᠢᠨ ᠤ ᠣᠶᠠᠯᠳᠤᠯ ᠢ ᠪᠠᠶᠡᠯᠡᠭᠦᠯᠦᠭ᠍ᠰᠡᠨ ᠪᠠᠢ᠌ᠨ᠎ᠠ᠃ ᠡᠨᠡᠭᠦ ᠣᠶᠠᠯᠳᠤᠯ ᠨᠢ ᠬᠤᠷᠴᠢᠨ ᠮᠤᠩᠭ᠋ᠤᠯᠴᠤᠳ ᠤᠨ ᠦᠵᠡᠯ ᠰᠠᠨᠠᠭ᠎ᠠ ᠵᠠᠩ ᠣᠢ᠌ᠯᠠ ᠳᠤ ᠪᠦᠷᠢᠨ ᠳᠤᠰᠬᠠᠯ ᠶᠢᠡᠨ ᠣᠯᠤᠭᠰᠠᠨ ᠶᠤᠮ᠃ 《ᠱᠠᠩᠰᠢ ᠶᠢᠨ ᠮᠤᠳᠤ》 ᠪᠣᠯ ᠡᠷᠳᠡᠨ ᠤ ᠮᠤᠩᠭ᠋ᠤᠯᠴᠤᠳ ᠤᠨ ᠳᠠᠭᠢᠨ ᠰᠢᠳᠦᠳᠡᠭ᠌ ᠪᠦᠳᠦᠭᠦᠨ ᠰᠠᠭᠯᠠᠭᠠᠷ ᠮᠤᠳᠤᠨ ᠡᠴᠡ ᠢᠷᠠᠯᠳᠠᠢ ᠥᠭᠡ ᠪᠣᠯᠬᠤ ᠶᠢ ᠣᠯᠠᠩᠭᠢ ᠳᠡᠦᠭᠡ ᠶᠢᠨ ᠳᠤᠯᠭᠤᠷ ᠪᠢᠴᠢᠭ᠌ ᠤᠳ ᠲᠤ ᠳᠡᠮᠳᠡᠭᠯᠡᠵᠤ ᠪᠠᠢ᠌ᠨ᠎ᠠ᠃ ᠣᠷᠳᠤ ᠨᠠᠰᠤᠯᠠᠭᠰᠠᠨ ᠭᠠᠭᠴᠠᠭᠠᠷ ᠣᠷᠭᠤᠭ᠎ᠠ ᠮᠤᠳᠤ ᠶᠢ ᠰᠢᠳᠤᠵᠤ ᠳᠠᠭᠢᠬᠤ ᠵᠠᠩᠰᠢᠯ ᠨᠢ ᠪᠦᠭᠡ ᠮᠦᠷᠭᠦᠯ ᠤᠨ ᠶᠤᠰᠤᠯᠠᠯ ᠳᠠᠭᠢ ᠭᠠᠭᠴᠠ ᠮᠤᠳᠤ ᠶᠢ ᠡᠭᠡ ᠶᠢᠨ ᠣᠷᠤ ᠪᠣᠯᠭᠠᠨ ᠳᠠᠭᠢᠵᠤ ᠪᠠᠢ᠌ᠭᠰᠠᠨ ᠡᠷᠳᠡᠨ ᠤ ᠵᠠᠩ ᠣᠢ᠌ᠯᠠ ᠶᠢᠨ ᠣᠯᠠᠪᠠᠭ᠎ᠠ ᠪᠣᠯᠬᠤ ᠨᠢ ᠭᠠᠷᠴᠠᠭ᠎ᠠ ᠦᠭᠡᠶ᠃ 《ᠮᠠᠨᠢ ᠶᠢᠨ ᠮᠤᠳᠤ》 ᠭᠡᠭᠦ ᠥᠭᠡ ᠶᠢᠨ ᠭᠤᠤᠯ ᠥᠭᠡ ᠨᠢ ᠪᠣᠯ 《ᠮᠤᠳᠤ》 ᠪᠣᠯᠤᠨ᠎ᠠ᠃ 《ᠮᠤᠳᠤ》 ᠪᠣᠯ ᠴᠤᠯᠤ ᠪᠦᠭᠡ ᠶᠢᠨ ᠱᠠᠰᠢᠨ ᠤ ᠰᠢᠳᠦᠭᠡᠨ ᠪᠣᠯᠠᠢ᠃ 《ᠮᠠᠨᠢ》 ᠪᠣᠯ ᠰᠢᠷ᠎ᠠ ᠶᠢᠨ ᠱᠠᠰᠢᠨ ᠤ ᠠᠮᠢᠳᠠᠨ ᠵᠢᠷᠭᠤᠭᠠᠨ ᠵᠣᠢ᠌ᠯ ᠢ ᠠᠶᠤᠯ ᠡᠴᠡ ᠭᠡᠳᠦᠯᠭᠡᠭᠦᠢ ᠵᠢᠷᠭᠤᠭᠠᠨ ᠦᠰᠦᠭ᠌ 〈ᠣᠸᠮ ᠮᠠ ᠨᠢ ᠪᠠᠤᠨ ᠮᠠᠢ ᠬᠤᠩ〉 ᠪᠢᠯᠠ᠃ ᠥᠭᠦᠯᠡᠪᠦᠷᠢ ᠵᠦᠢ ᠶᠢᠨ ᠪᠦᠳᠦᠴᠡ ᠪᠠᠷ ᠦᠵᠡᠪᠠᠯ 《ᠮᠠᠨᠢ》 ᠨᠢ 《ᠮᠤᠳᠤ》 ᠶ᠋ᠢᠨ ᠶᠢᠡᠨ ᠳᠤᠳᠤᠳᠬᠠᠯ ᠪᠣᠯᠳᠠᠭ᠃ ᠶᠠᠭᠤ ᠴᠤ ᠭᠡᠰᠡᠨ 《ᠮᠠᠨᠢ ᠶᠢᠨ ᠮᠤᠳᠤ》 ᠭᠡᠳᠡᠭ᠌ ᠥᠭᠡ ᠳᠤ ᠪᠦᠭᠡ ᠶᠢᠨ ᠱᠠᠰᠢᠨ ᠤ ᠠᠭᠤᠯᠭ᠎ᠠ ᠦᠳᠭᠡᠨ ᠪᠠᠢ᠌ᠬᠤ ᠪᠠᠷ ᠪᠠᠷᠠᠬᠤ ᠦᠭᠡᠶ ᠰᠢᠷ᠎ᠠ ᠶᠢᠨ ᠱᠠᠰᠢᠨ ᠤ ᠥᠩᠭᠡ ᠪᠣᠳᠤᠭ ᠴᠤ ᠵᠤᠵᠠᠭᠠᠨ ᠰᠠᠭᠤᠭᠰᠠᠨ ᠪᠠᠢ᠌ᠳᠠᠭ᠃ ᠨᠤᠨ ᠬᠤᠷᠴᠢᠨ ᠮᠤᠩᠭ᠋ᠤᠯᠴᠤᠳ ᠤᠨ ᠪᠦᠭᠡ ᠶᠢᠨ ᠱᠠᠰᠢᠨ ᠪᠠ ᠰᠢᠷ᠎ᠠ ᠶᠢᠨ ᠱᠠᠰᠢᠨ ᠢ ᠣᠶᠠᠯᠳᠤᠭᠤᠯᠤᠨ ᠰᠢᠳᠦᠭ᠍ᠰᠡᠨ ᠤ ᠰᠢᠠᠵᠢ ᠳᠡᠮᠳᠡᠭ᠌ ᠮᠦᠨ᠃
ᠨᠤᠨ ᠬᠤᠷᠴᠢᠨ ᠮᠤᠩᠭ᠋ᠤᠯᠴᠤᠳ ᠱᠠᠩᠰᠢ ᠶᠢᠨ ᠮᠤᠳᠤ ᠶᠢᠨ ᠣᠷᠭᠤᠯᠳᠠ ᠶᠢᠨ ᠪᠠᠢ᠌ᠳᠠᠯ ᠢ ᠦᠨᠳᠦᠰᠦᠯᠠᠵᠤ᠂ ᠪᠠᠰᠠ ᠡᠴᠢᠭᠡ ᠡᠭᠡ ᠮᠤᠳᠤ ᠭᠡᠵᠤ ᠢᠯᠭᠠᠨ ᠨᠡᠷᠡᠯᠡᠳᠡᠭ᠌᠃ ᠪᠠᠶ᠎ᠠ ᠶᠢ ᠨᠢ ᠳᠤᠭᠤᠷᠢᠭᠠᠤᠨ ᠪᠣᠰᠤᠳ ᠵᠤᠯᠵᠠᠭ᠎ᠠ ᠮᠤᠳᠤ ᠦᠭᠡᠶ ᠭᠠᠭᠴᠠᠭᠠᠷ ᠣᠷᠭᠤᠵᠤ ᠪᠠᠢ᠌ᠭ᠎ᠠ ᠮᠤᠳᠤ ᠶᠢ ᠡᠴᠢᠭᠡ ᠱᠠᠩᠰᠢ ᠭᠡᠵᠤ᠂ ᠬᠤᠷᠮᠤᠢ ᠳᠤᠤᠭᠤᠷ ᠶᠢᠡᠨ ᠵᠤᠯᠵᠠᠭ᠎ᠠ ᠮᠤᠳᠤ ᠳᠤᠭᠤᠷᠢᠭᠤᠯᠤᠨ ᠣᠷᠭᠤᠵᠤ ᠪᠠᠢ᠌ᠭ᠎ᠠ ᠶᠢ ᠮᠤᠳᠤ ᠶᠢ ᠡᠭᠡ ᠱᠠᠩᠰᠢ ᠭᠡᠳᠡᠭ᠌ ᠪᠦᠭᠡᠳ ᠬᠤᠶᠠᠷ ᠶᠢᠡᠷ ᠣᠷᠭᠤᠵᠤ ᠪᠠᠢ᠌ᠭ᠎ᠠ ᠮᠤᠳᠤ ᠶᠢ ᠡᠴᠢᠭᠡ ᠡᠭᠡ ᠱᠠᠩᠰᠢ ᠭᠡᠵᠤ ᠳᠤᠰ ᠳᠤᠰ ᠨᠡᠷᠡᠯᠡᠳᠡᠭ᠌᠃ ᠳᠦᠡᠭᠯᠢᠶᠦᠤ ᠬᠤᠳᠠ ᠶᠢᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠬᠤᠸᠠᠬᠤᠰᠢᠭᠤ ᠰᠤᠮᠤ ᠶᠢᠨ ᠳ᠋ᠠ ᠾᠦᠸᠧ ᠹᠠᠩ ᠭᠠᠴᠠᠭᠠᠨ ᠤ ᠳᠠᠭᠢᠯᠭ᠎ᠠ ᠶᠢᠨ ᠳᠠᠷᠠ ᠬᠠᠢ᠌ᠯᠠᠰᠤᠨ ᠮᠤᠳᠤ ᠪᠣᠯ ᠶᠤᠰᠤᠳᠠᠢ ᠡᠭᠡ ᠮᠤᠳᠤ ᠶᠢᠨ ᠲᠦᠯᠦᠭᠡᠯᠡᠭ᠍ᠴᠢ ᠪᠣᠯᠬᠤ ᠶᠤᠮ᠃ ᠳᠠᠷᠠ ᠡᠭᠡ ᠱᠠᠩᠰᠢ ᠨᠢ ᠪᠠᠶ᠎ᠠ ᠪᠠᠨ ᠳᠤᠭᠤᠷᠢᠭᠤᠯᠤᠭᠠᠤᠨ ᠠᠷᠪᠠᠨ ᠨᠢ᠋ᠮᠠᠨ ᠵᠤᠯᠵᠠᠭ᠎ᠠ ᠮᠤᠳᠤ ᠶᠢ ᠳᠠᠭᠠᠭᠤᠯᠤᠨ ᠣᠷᠭᠤᠵᠠᠢ᠃
ᠮᠤᠳᠤ ᠪᠣᠯ ᠣᠭ ᠦᠨᠳᠦᠰᠦ ᠭᠦᠨ ᠣᠯᠠᠨ᠂ ᠨᠠᠪᠴᠢ ᠨᠠᠮᠠᠭ᠎ᠠ ᠣᠷᠳᠤ ᠵᠤᠵᠠᠭᠠᠨ᠂ ᠦᠷ᠎ᠡ ᠵᠢᠮᠢᠰ ᠦᠳᠭᠡᠨ ᠠᠷᠪᠢᠨ ᠵᠡᠷᠭᠡ ᠦᠷᠠᠵᠢᠯ ᠲᠦᠯᠵᠢᠯ ᠤᠨ ᠴᠢᠨᠠᠷ ᠶᠢᠡᠷ ᠴᠢᠩᠭ᠋᠎ᠠ ᠪᠠᠢ᠌ᠳᠠᠭ ᠪᠣᠯᠬᠤᠷ ᠭᠦᠮᠤᠨ ᠳᠦᠷᠤᠯᠭᠢᠳᠠᠨ ᠤ ᠡᠪᠦᠭᠡ ᠳᠡᠭᠡᠳᠦᠰ ᠦᠪᠡᠷ ᠤᠨ ᠣᠪᠣᠭ ᠠᠢ᠌ᠮᠠᠭ ᠤᠨ ᠭᠦᠮᠤᠨ ᠠᠮᠠ ᠶᠢᠨ ᠳᠤᠭ᠎ᠠ ᠪᠠᠨ ᠨᠡᠮᠡᠭ᠍ᠳᠡᠭᠦᠯᠭᠦ ᠶᠢᠨ ᠡᠭᠦᠳᠡᠨ ᠡᠴᠡ ᠰᠠᠳᠭᠢᠵᠤ ᠮᠤᠳᠤ ᠪᠠᠷ ᠡᠮ᠎ᠡ ᠭᠦᠢᠰᠦᠳᠡᠢ ᠰᠢᠳᠦᠭᠡᠨ ᠪᠣᠯᠭᠠᠵᠤ ᠪᠠᠯᠭᠡᠳᠡᠭ᠍ᠰᠡᠨ ᠪᠠᠢ᠌ᠨ᠎ᠠ᠃ ᠡᠨᠡ ᠦᠶ᠎ᠡ ᠳᠤ ᠭᠠᠭᠴᠠ ᠮᠤᠳᠤ ᠶᠢ ᠰᠢᠳᠤᠵᠤ ᠪᠠᠢ᠌ᠪᠠ᠃ ᠬᠤᠵᠢᠮ ᠨᠢ ᠬᠤᠶᠠᠷ ᠮᠤᠳᠤ ᠶᠢ ᠪᠠᠰᠠ ᠰᠢᠳᠦᠭᠦ ᠪᠣᠯᠵᠠᠢ᠃ ᠳᠠᠷᠤᠢ ᠭᠠᠭᠴᠠ ᠮᠤᠳᠤᠨ ᠰᠢᠳᠦᠭᠡᠨ ᠪᠠᠢ᠌ᠭᠰᠠᠨ ᠡᠴᠡ ᠪᠠᠨ ᠬᠤᠤᠰ ᠮᠤᠳᠤᠨ ᠰᠢᠳᠦᠭᠡᠨ ᠪᠣᠯᠤᠭᠰᠠᠨ ᠨᠢ ᠡᠭᠡᠴᠢᠯᠡᠯ ᠤᠨ ᠣᠪᠣᠭ ᠤᠨ ᠱᠠᠳᠤᠨ ᠡᠴᠡ ᠡᠴᠢᠭᠡᠴᠢᠯᠡᠯ ᠤᠨ ᠣᠪᠣᠭ ᠤᠨ ᠱᠠᠳᠤᠨ ᠳᠤ ᠰᠢᠯᠵᠢᠭ᠍ᠰᠡᠨ ᠡᠴᠡ ᠡᠭᠦᠰᠦᠭ᠍ᠰᠡᠨ ᠨᠢ ᠳᠤᠳᠤᠬᠠᠨ᠃ ᠳᠠᠷᠤᠢ ᠮᠤᠳᠤ ᠨᠢ ᠳᠦᠷᠦᠭᠦ ᠶᠢ ᠲᠦᠯᠦᠭᠡᠯᠡᠭᠦ ᠡᠮ᠎ᠡ ᠭᠦᠢᠰᠦᠳᠡᠨ ᠢ ᠪᠠᠯᠭᠡᠳᠡᠭᠦ ᠪᠠᠷ ᠪᠠᠷᠠᠬᠤ ᠦᠭᠡᠶ ᠪᠠᠰᠠ ᠳᠦᠷᠦᠭᠦᠯᠭᠦ ᠶᠢ ᠲᠦᠯᠦᠭᠡᠯᠡᠭᠦ ᠡᠷ᠎ᠡ ᠭᠦᠢᠰᠦᠳᠡᠨ ᠢ ᠴᠤ ᠪᠠᠯᠭᠡᠳᠡᠭᠦ ᠪᠣᠯᠵᠤ ᠡᠮᠦᠨ᠎ᠡ ᠳᠠᠯ᠎ᠠ ᠶᠢᠨ ᠭᠢᠨᠢ ᠡᠴᠢᠭᠡ ᠮᠤᠳᠤ ᠭᠡᠵᠤ ᠬᠣᠢ᠌ᠨ᠎ᠠ ᠳᠠᠯ᠎ᠠ ᠶᠢᠨ ᠭᠢᠨᠢ ᠡᠭᠡ ᠮᠤᠳᠤ ᠭᠡᠵᠤ ᠢᠯᠭᠠᠨ ᠨᠡᠷᠡᠯᠡᠭᠦ ᠪᠣᠯᠵᠠᠢ᠃ ᠡᠭᠡ ᠮᠤᠳᠤ ᠪᠠᠷ ᠡᠭᠡ ᠶᠢᠨ ᠣᠮᠠᠢ ᠶᠢ ᠲᠦᠯᠦᠭᠡᠯᠡᠭᠦᠯᠵᠤ᠂ ᠰᠢᠨ᠎ᠠ ᠪᠦᠭᠡ ᠳᠦᠷᠦᠭ᠍ᠳᠡᠭᠦ ᠶᠢᠨ ᠶᠢᠰᠤᠨ ᠳᠠᠪᠠᠭ᠎ᠠ ᠳᠠᠪᠠᠬᠤ ᠠᠩᠬᠠᠨ ᠤ ᠳᠠᠪᠠᠭ᠎ᠠ ᠪᠣᠯ ᠳᠠᠷᠤᠢ ᠰᠠᠪᠬ᠎ᠠ ᠶᠢᠨ ᠳᠠᠪᠠᠭ᠎ᠠ ᠪᠣᠯᠤᠨ᠎ᠠ᠃ ᠡᠨᠡ ᠨᠢ ᠬᠤᠶᠠᠷ ᠮᠤᠳᠤ ᠶᠢ ᠪᠣᠰᠬᠠᠵᠤ ᠡᠭᠡ ᠶᠢᠨ ᠣᠮᠠᠢ ᠶᠢᠨ ᠲᠦᠯᠦᠭᠡᠯᠡᠯ ᠪᠣᠯᠭᠠᠨ ᠳᠤᠮᠳᠠᠭᠤᠷ ᠨᠢ ᠰᠢᠷᠭᠤᠭᠤᠯᠵᠤ ᠳᠠᠭᠢᠵᠤ ᠳᠦᠷᠤᠨ ᠰᠢᠨ᠎ᠠ ᠭᠦᠮᠤᠨ ᠪᠣᠯᠤᠭᠰᠠᠨ ᠶᠢᠡᠷ ᠥᠵᠡᠳᠡᠭ᠌᠃ ᠡᠨᠡᠭᠦ ᠰᠠᠪᠬ᠎ᠠ ᠶᠢᠨ ᠳᠠᠪᠠᠭ᠎ᠠ ᠶᠢ ᠪᠠᠰᠠ 《ᠡᠭᠡ ᠳᠠᠪᠠᠭ᠎ᠠ》 ᠭᠡᠳᠡᠭ᠌᠃ ᠬᠤᠵᠢᠳ ᠦᠶ᠎ᠡ ᠪᠠᠷ ᠬᠤᠶᠠᠷ ᠮᠤᠳᠤ ᠪᠣᠰᠬᠠᠵᠤ ᠡᠭᠡ ᠶᠢᠨ ᠣᠮᠠᠢ ᠶᠢ ᠢᠯᠡᠳᠭᠡᠵᠤ ᠪᠠᠢ᠌ᠭᠰᠠᠨ ᠡᠴᠡ ᠪᠠᠨ ᠪᠠᠰᠠ ᠳᠡᠭᠦᠵᠢᠩ ᠮᠤᠳᠤ ᠪᠠᠷ ᠢᠯᠡᠳᠭᠡᠭᠦ ᠪᠣᠯᠵᠠᠢ᠃ ᠳᠡᠭᠦᠵᠢᠩ ᠮᠤᠳᠤᠨ ᠳᠤ ᠵᠤᠭᠰᠤᠬᠤ ᠪᠣᠶᠤ ᠰᠠᠭᠤᠵᠤ ᠳᠡᠭᠦᠵᠢᠩ ᠤᠨ ᠵᠢᠶᠠᠰᠠᠨ ᠳᠤᠮᠳᠠᠭᠤᠷ ᠨᠠᠰᠢ ᠴᠠᠰᠢ ᠰᠠᠵᠢᠯᠠᠬᠤ ᠪᠠᠷ ᠡᠭᠡ ᠶᠢᠨ ᠣᠮᠠᠢ ᠰᠢᠷᠭᠤᠭᠰᠠᠨ ᠪᠣᠯᠵᠤ ᠢᠯᠡᠳᠭᠡᠭ᠍ᠳᠡᠨᠡ᠃ ᠡᠭᠡ ᠶᠢᠨ ᠣᠮᠠᠢ ᠰᠢᠷᠭᠤᠭᠤᠯᠬᠤ ᠠᠵᠢᠯᠯᠠᠭ᠎ᠠ ᠪᠣᠯ ᠬᠡᠦᠬᠡᠳ ᠭᠠᠷᠬᠤ ᠦᠭᠡᠶ ᠡᠮᠡᠭ᠍ᠳᠡᠢ᠌ᠴᠦᠳ ᠲᠤ ᠣᠮᠠᠢ ᠠᠷᠢᠭᠤᠳᠬᠠᠬᠤ᠂ ᠡᠪᠡᠳᠴᠢᠨ ᠭᠦᠷᠳᠡᠭ᠍ᠰᠡᠨ ᠬᠡᠦᠬᠡᠳ ᠢ ᠳᠠᠭᠢᠵᠤ ᠳᠦᠷᠦᠭᠦᠯᠤᠨ ᠡᠪᠡᠳᠴᠢᠨ ᠬᠠᠭᠤᠴᠢᠨ ᠦᠭᠡᠶ ᠪᠣᠯᠭᠠᠬᠤ᠂᠂ ᠰᠢᠨ᠎ᠠ ᠪᠠᠷ ᠪᠦᠭᠡ ᠪᠣᠯᠬᠤ ᠭᠦᠮᠤᠨ ᠢ ᠥ ᠰᠠᠪ ᠦᠭᠡᠶ ᠰᠢᠨ᠎ᠠ ᠭᠦᠮᠤᠨ ᠪᠣᠯᠭᠠᠬᠤ ᠵᠡᠷᠭᠡ ᠳᠤ ᠶᠠᠪᠣᠭᠳᠠᠳᠠᠭ᠃ ᠡᠨᠡᠭᠦ ᠣᠢ᠌ᠯᠠ ᠨᠢ ᠵᠠᠷᠢᠮ ᠦᠶ᠎ᠡ ᠳᠤ ᠪᠠᠰᠠ ᠮᠤᠳᠤᠨ ᠤ ᠰᠠᠯᠠᠭ᠎ᠠ ᠨᠠᠮᠠᠭᠠᠨ ᠤ ᠳᠤᠤᠭᠤᠷ ᠰᠢᠷᠭᠤᠭᠤᠯᠵᠤ ᠶᠠᠪᠣᠭᠳᠠᠳᠠᠭ᠃ ᠡᠭᠡ ᠮᠤᠳᠤ ᠪᠠᠨ ᠳᠠᠭᠢᠬᠤ ᠦᠶ᠎ᠡ ᠳᠤ ᠢᠮᠠᠭᠠᠨ ᠴᠢᠰᠤ ᠪᠠᠷ ᠪᠣᠳᠤᠳᠠᠭ ᠨᠢ ᠡᠮ᠎ᠡ ᠪᠠᠯᠭᠡ ᠶᠢᠨ ᠡᠷᠭᠡᠳᠡᠨ ᠢ ᠢᠯᠡᠳᠭᠡᠭ᠍ᠰᠡᠨ ᠣᠴᠢᠷ ᠪᠣᠯᠬᠤ ᠶᠤᠮ᠃ ᠢᠮᠠᠭ᠎ᠠ ᠪᠣᠯ ᠦᠷᠠᠵᠢᠯ ᠤᠨ ᠴᠢᠳᠠᠪᠣᠷᠢ ᠬᠠᠮᠤᠭ ᠤᠨ ᠰᠠᠢ᠌ᠨ ᠮᠠᠯ ᠮᠦᠨ᠃ ᠬᠤᠷᠴᠢᠨ ᠠᠮᠠᠨ ᠶᠠᠷᠢᠶᠠᠨ ᠳᠤ 《ᠶᠠᠭᠠᠷᠠᠭᠰᠠᠨ ᠭᠦᠮᠤᠨ ᠢᠮᠠᠭ᠎ᠠ ᠳᠡᠵᠢᠭᠡ ︕》 ᠭᠡᠳᠡᠭ᠌ ᠨᠢ ᠢᠮᠠᠭ᠎ᠠ ᠶᠢᠨ ᠦᠷᠠᠵᠢᠯ ᠤᠨ ᠳᠦᠷᠭᠡᠨ ᠢ ᠢᠯᠡᠳᠭᠡᠭ᠍ᠰᠡᠨ ᠪᠢᠯᠠ ︕ ᠨᠤᠨ ᠬᠤᠷᠴᠢᠨ ᠮᠤᠩᠭ᠋ᠤᠯᠴᠤᠳ ᠣᠳᠤ ᠮᠤᠳᠤᠨ ᠳᠤ ᠣᠯᠠᠭᠠᠨ ᠪᠦᠰ ᠥᠭᠡᠳᠡᠰᠤ ᠣᠶᠠᠳᠠᠭ ᠨᠢ ᠮᠦᠨ ᠴᠤ ᠡᠷᠳᠡᠨ ᠤ ᠪᠦᠭᠡ ᠶᠢᠨ ᠰᠤᠶᠤᠯ ᠤᠨ ᠮᠤᠳᠤ ᠴᠢᠰᠤᠳᠠᠳᠠᠭ ᠤᠨ ᠮᠦᠷ ᠣᠯᠪᠠᠭ᠎ᠠ ᠪᠠᠢ᠌ᠵᠤ ᠮᠠᠳᠠᠨ᠎ᠠ᠃ ᠪᠦᠭᠡ ᠶᠢᠨ ᠱᠠᠰᠢᠨ ᠤ ᠭᠢᠨ ᠮᠤᠳᠤ ᠪᠠᠷ ᠣᠩᠭ᠋ᠤᠳ ᠶᠢᠡᠨ ᠵᠤᠬᠢᠶᠠᠵᠤ ᠪᠠᠢ᠌ᠬᠤ ᠳᠤ ᠯᠠᠮᠠ ᠶᠢᠨ ᠱᠠᠰᠢᠨ ᠤ ᠭᠢᠨ ᠪᠠᠰᠠ ᠮᠤᠳᠤ ᠪᠠᠷ ᠪᠣᠷᠬᠠᠨ ᠤ ᠭᠦᠷᠦᠭ᠌ ᠶᠢᠡᠨ ᠵᠤᠬᠢᠶᠠᠬᠤ ᠪᠣᠯᠵᠠᠢ᠃
ᠮᠤᠳᠤᠨ ᠳᠤ ᠭᠦᠮᠤᠨ ᠤ ᠰᠦᠨᠠᠰᠤ ᠣᠷᠤᠰᠢᠬᠤ ᠪᠠ ᠮᠤᠳᠤᠨ ᠳᠤ ᠰᠠᠭᠢᠭᠤᠯᠰᠤᠨ ᠰᠠᠭᠤᠬᠤ ᠭᠡᠭᠦ ᠦᠵᠡᠯᠳᠠ ᠨᠢ ᠪᠦᠭᠡ ᠶᠢᠨ ᠱᠠᠰᠢᠨ ᠢ ᠰᠢᠳᠦᠳᠡᠭ᠌ ᠡᠷᠳᠡᠨ ᠤ ᠣᠮᠠᠷᠠᠳᠤ ᠶᠢᠨ ᠣᠯᠠᠩᠭᠢ ᠴᠥᠭᠡᠨ ᠳᠤᠭᠠᠳᠤ ᠦᠨᠳᠦᠰᠦᠳᠠᠨ ᠳᠤ ᠳᠦᠭᠡᠮᠡᠯ ᠪᠠᠢ᠌ᠳᠠᠭ᠃ ᠨᠤᠨ ᠬᠤᠷᠴᠢᠨ ᠮᠤᠩᠭ᠋ᠤᠯᠴᠤᠳ ᠤᠨ ᠮᠤᠳᠤᠨ ᠰᠢᠳᠦᠯᠭᠡ ᠨᠢ ᠣᠵᠠᠭᠤᠷ ᠳᠡᠦᠭᠡ ᠶᠢᠨ ᠣᠯᠠᠮᠵᠢᠯᠠᠯ ᠡᠴᠡ ᠡᠳᠦᠭᠡ ᠪᠣᠯᠳᠠᠯ᠎ᠠ ᠭᠦᠭ᠍ᠵᠢᠵᠤ᠂ ᠨᠡᠢ᠌ᠭᠡᠮ ᠳᠡᠦᠭᠡ ᠭᠦᠮᠤᠨ ᠪᠠᠢ᠌ᠭᠠᠯᠢ ᠶᠢᠨ ᠰᠤᠶᠤᠯ ᠤᠨ ᠬᠤᠷᠢᠶᠠᠩᠭ᠋ᠤᠢ ᠳᠤᠰᠬᠠᠯ ᠪᠣᠯᠵᠠᠢ᠃ ᠮᠤᠳᠤᠨ ᠰᠢᠳᠦᠯᠭᠡ ᠪᠣᠯ ᠪᠦᠭᠡ ᠶᠢᠨ ᠱᠠᠰᠢᠨ ᠤ ᠳᠡᠭ᠍ᠷᠢ ᠭᠠᠵᠠᠷ᠂ ᠨᠠᠷᠠ ᠰᠠᠷ᠎ᠠ᠂ ᠭᠠᠯ ᠣᠰᠤ᠂ ᠮᠤᠳᠤ ᠴᠢᠯᠠᠭᠤ ᠵᠡᠷᠭᠡ ᠶᠢ ᠰᠢᠳᠦᠳᠡᠭ᠌ ᠪᠦᠭᠦᠢᠯᠡ ᠰᠢᠳᠦᠯᠭᠡ ᠶᠢᠨ ᠳᠤᠳᠤᠷᠠᠭᠢ ᠬᠠᠮᠤᠭ ᠴᠢᠬᠤᠯᠠ ᠨᠢᠭᠡ ᠨᠢ ᠮᠦᠨ᠃ ᠳᠠᠳᠠ ᠭᠦᠮᠤᠨ ᠤ ᠠᠮᠢ ᠨᠠᠰᠤ ᠶᠢ ᠣᠯᠭᠤᠬᠤ ᠡᠴᠢᠭᠡ ᠳᠡᠭ᠍ᠷᠢ᠂ ᠡᠭᠡ ᠭᠠᠵᠠᠷ ᠭᠡᠵᠤ ᠰᠢᠳᠦᠳᠡᠭ᠌ ᠡᠴᠡ ᠭᠠᠳᠠᠨ᠎ᠠ ᠪᠠᠰᠠ ᠡᠨᠡᠭᠦ ᠡᠴᠢᠭᠡ ᠡᠭᠡ ᠡᠴᠡ ᠣᠯᠭᠤᠭᠰᠠᠨ ᠠᠮᠢ ᠨᠠᠰᠤᠨ ᠤ ᠰᠥᠭ᠌ ᠰᠦᠨᠠᠰᠤ ᠪᠣᠯ ᠮᠤᠳᠤ ᠪᠠᠷ ᠳᠠᠮᠵᠢᠨ ᠢᠷᠡᠳᠡᠭ᠌ ᠭᠡᠵᠤ ᠴᠢᠬᠤᠯᠴᠢᠯᠠᠨ ᠥᠵᠡᠳᠡᠭ᠌ ᠪᠠᠢ᠌ᠪᠠ᠃
ᠳᠠᠷᠬᠠᠤᠨ ᠤᠨ ᠣᠯᠠᠮᠵᠢᠯᠠᠯ ᠶᠠᠷᠢᠶᠠᠨ ᠳᠤ᠂ ᠴᠢᠩᠭᠢᠰ ᠬᠠᠭᠠᠨ ᠳᠡᠭ᠍ᠷᠢ ᠳᠤ ᠳᠠᠭᠠᠳᠬᠠᠨ ᠮᠦᠷᠭᠦᠭ᠍ᠰᠡᠨᠡ 《ᠬᠠᠨ ᠬᠤᠷᠮᠤᠰᠳᠠ ᠳᠡᠭ᠍ᠷᠢ ᠶᠢᠨ ᠬᠠᠷ᠎ᠠ ᠰᠦᠯᠳᠡ ᠰᠠᠭᠯᠠᠭᠠᠷ ᠮᠤᠳᠤᠨ ᠳᠡᠭᠡᠷ᠎ᠡ ᠪᠠᠭᠤᠵᠤ ᠢᠷᠠᠵᠤ ᠭᠡᠨ᠎ᠡ》 ᠭᠡᠳᠡᠭ᠌᠃ ᠬᠤᠷᠴᠢᠨ ᠮᠤᠩᠭ᠋ᠤᠯᠴᠤᠳ ᠤᠨ ᠠᠢ᠌ᠯ ᠳᠤᠰᠬᠤ ᠪᠦᠷᠢ ᠨᠢ ᠳᠡᠭ᠍ᠷᠢ ᠳᠠᠭᠢᠬᠤ᠂ ᠨᠠᠢ᠌ᠷ ᠨᠠᠭᠠᠳᠤᠮ ᠪᠣᠯᠬᠤ᠂ ᠠᠠᠳᠠᠭᠠᠢ ᠳᠠᠩᠭ᠋ᠠᠷᠢᠭ ᠭᠢᠭᠦ ᠵᠡᠷᠭᠡ ᠶᠢᠨ ᠳᠤᠮᠤ ᠳᠤᠮᠤ ᠭᠡᠷᠡᠭ᠌ ᠶᠠᠪᠣᠳᠠᠯ ᠶᠢᠡᠨ ᠪᠦᠷ ᠰᠢᠳᠦᠭᠡᠨ ᠮᠤᠳᠤᠨ ᠳᠤ ᠪᠠᠨ ᠣᠴᠢᠵᠤ ᠶᠤᠰᠤᠯᠠᠨ ᠭᠦᠢᠴᠡᠳᠭᠡᠳᠡᠭ᠌ ᠵᠠᠩᠰᠢᠯ ᠲᠡᠶ ᠪᠠᠢ᠌ᠵᠠᠢ᠃ 《ᠮᠤᠩᠭ᠋ᠤᠯ ᠤᠨ ᠨᠢᠭᠤᠴᠠ ᠳᠤᠪᠴᠢᠶᠠᠨ》 §57.§117.§206 ᠳ᠋ᠤ 《ᠬᠤᠳᠠᠯᠠ ᠶᠢ ᠬᠠᠭᠠᠨ ᠡᠷᠭᠦᠮᠵᠢᠯᠡᠭᠡᠳ ᠬᠤᠷᠬᠤᠨᠠᠭ ᠤᠨ ᠰᠠᠭᠯᠠᠭᠠᠷ ᠮᠤᠳᠤᠨ ᠤ ᠳᠤᠭᠤᠷᠢᠨ ᠳᠤ ᠬᠠᠪᠢᠷᠭ᠎ᠠ ᠳᠤᠯᠤᠮ᠎ᠠ ᠬᠠᠯᠴᠢᠷᠠᠭᠤᠯᠵᠤ᠂ ᠡᠪᠦᠳᠦᠭ᠌ ᠳᠠᠪᠠᠳᠠᠯ᠎ᠠ ᠪᠣᠵᠢᠭᠢᠨᠠᠭᠤᠯᠤᠨ ᠪᠦᠵᠢᠭᠯᠡᠵᠤ ᠬᠤᠷᠢᠮᠯᠡᠪᠠᠢ》 ᠭᠡᠵᠤ ᠳᠡᠮᠳᠡᠭᠯᠡᠨ ᠬᠠᠮᠤᠭ ᠮᠤᠩᠭ᠋ᠤᠯ ᠤᠨ ᠣᠯᠤᠰ ᠳᠦᠷᠤ ᠶᠢᠨ ᠭᠡᠷᠡᠭ᠌ ᠶᠢᠡᠨ ᠮᠦᠨ ᠰᠠᠭᠯᠠᠭᠠᠷ ᠮᠤᠳᠤᠨ ᠤ ᠳᠡᠷᠭᠡᠳᠡ ᠣᠴᠢᠵᠤ ᠭᠢᠳᠡᠭ᠌ ᠪᠠᠢ᠌ᠭᠰᠠᠨ ᠪᠠ ᠪᠠᠰᠠ ᠳᠠᠮᠤᠵᠢᠨ᠂ ᠵᠠᠮᠤᠬ᠎ᠠ ᠬᠤᠶᠠᠷ ᠤᠨ 《ᠬᠤᠷᠬᠤᠨᠠᠭ ᠵᠤᠪᠣᠷ ᠤᠨ ᠬᠤᠯᠳᠠᠭᠠᠷ ᠭᠤᠤ ᠶᠢᠨ ᠦᠪᠣᠷ ᠲᠤ᠂ ᠰᠠᠭᠯᠠᠭᠠᠷ ᠮᠤᠳᠤᠨ ᠳᠤᠤᠷ᠎ᠠ ᠠᠠᠳᠠ ᠪᠠᠷᠢᠯᠳᠤᠨ ᠠᠮᠠᠷᠠᠭᠯᠠᠵᠤ᠂ ᠬᠤᠷᠢᠮᠯᠠᠨ ᠨᠠᠢ᠌ᠷᠯᠠᠨ ᠵᠢᠷᠭᠠᠯᠳᠤᠵᠤ᠂ ᠰᠦᠨᠢ ᠳᠡᠭᠡᠨ ᠨᠢᠭᠡ ᠭᠦᠡᠵᠢᠯᠡ ᠳᠤ ᠣᠠᠳᠠᠵᠤ ᠪᠠᠢ᠌ᠯ᠎ᠡ》 ᠭᠡᠵᠤ ᠴᠥᠭᠡᠨ ᠭᠦᠮᠤᠨ ᠤ ᠠᠠᠳᠠᠭᠠᠢ ᠳᠠᠩᠭ᠋ᠠᠷᠢᠭ ᠭᠢᠭᠦ ᠮᠠᠳᠤ ᠶᠢᠨ ᠳᠤᠮᠤ ᠪᠣᠰᠤ ᠶᠢᠨ ᠶᠠᠪᠣᠳᠠᠯ ᠶᠢᠡᠨ ᠴᠤ ᠰᠠᠭᠯᠠᠭᠠᠷ ᠮᠤᠳᠤᠨ ᠳᠤ ᠪᠠᠨ ᠳᠠᠭᠠᠳᠬᠠᠨ ᠭᠦᠢᠴᠡᠳᠭᠡᠳᠡᠭ᠌ ᠪᠠᠢ᠌ᠭᠰᠠᠨ ᠪᠢᠯᠠ᠃ ᠭᠠᠳᠠ ᠮᠠᠢ᠌ᠷᠠᠨ ᠢ ᠭᠢᠠᠳᠠᠨ ᠡᠴᠡ ᠠᠪᠣᠷᠠᠬᠤ ᠪᠣᠰᠤᠯᠭ᠎ᠠ ᠶᠢᠨ ᠴᠡᠷᠢᠭ᠌ ᠤᠨ ᠨᠢ᠋ᠮᠠᠨ ᠭᠦᠮᠤᠨ ᠴᠤ ᠣᠷᠤᠢ ᠮᠤᠳᠤᠨ ᠳᠤ ᠴᠢᠰᠤ ᠪᠠᠨ ᠣᠤᠭᠤᠨ ᠳᠠᠩᠭ᠋ᠠᠷᠢᠭᠯᠠᠵᠤ ᠠᠬ᠎ᠠ ᠳᠡᠭᠦᠤ ᠪᠠᠷᠢᠯᠳᠤᠭᠰᠠᠨ ᠭᠡᠵᠤ ᠨᠤᠳᠤᠭ ᠤᠨ ᠨᠠᠰᠤᠳᠠᠢ᠌ᠴᠤᠤᠯ ᠬᠠᠭᠤᠴᠢᠯᠠᠳᠠᠭ ᠪᠠᠢ᠌ᠪᠠ᠃ 《ᠴᠢᠩᠭᠢᠰ ᠬᠠᠭᠠᠨ ᠪᠠᠰᠠ ᠮᠤᠬᠤᠯᠠᠢ ᠳᠤ ᠥᠭᠦᠯᠡᠷᠤᠨ 〈ᠬᠤᠳᠠᠯᠠ ᠬᠠᠨ ᠤ ᠪᠦᠵᠢᠭᠯᠡᠭ᠍ᠰᠡᠨ ᠬᠤᠷᠬᠤᠨᠠᠭ ᠵᠤᠪᠣᠷ ᠲᠤ ᠰᠠᠭᠯᠠᠭᠠᠷ ᠮᠤᠳᠤᠨ ᠤ ᠢᠷᠤᠭᠠᠷ ᠲᠤ ᠪᠠᠭᠤᠭᠰᠠᠨ ᠦᠶ᠎ᠡ ᠳᠤ ᠮᠤᠬᠤᠯᠠᠢ ᠳᠠᠨ ᠢᠷᠠᠵᠤ ᠵᠠᠭᠠᠷᠢᠨ ᠳᠡᠭ᠍ᠷᠢ ᠶᠢᠨ ᠵᠢᠭᠠᠭᠰᠠᠨ ᠳᠡᠮᠳᠡᠭ᠌ ᠪᠠᠯᠭᠡ ᠶᠢᠨ ᠥᠭᠡ ᠶᠢ ᠭᠡᠯᠡᠵᠤ ᠪᠠᠢ᠌ᠪᠠ᠃ ᠳᠡᠭᠦᠡᠴᠡ ᠪᠢ ᠡᠴᠢᠭᠡ ᠶᠢ ᠴᠢᠨᠤ ᠭᠦᠮᠤᠨ ᠭᠤᠸ᠎ᠠ ᠶᠢ ᠳᠤᠷᠠᠰᠴᠤ᠂ ᠮᠤᠬᠤᠯᠠᠢ ᠲᠡᠶ ᠥᠭᠡ ᠪᠠᠷᠢᠯᠳᠤᠭᠰᠠᠨ ᠪᠣᠯᠠᠢ〉》 ᠭᠡᠭᠦ ᠮᠠᠳᠤᠴᠢᠯᠠᠨ ᠳᠡᠭ᠍ᠷᠢ ᠶᠢᠨ ᠵᠢᠭᠠᠭᠰᠠᠨ ᠥᠭᠡ ᠵᠠᠭᠢᠶ᠎ᠠ ᠨᠢ ᠰᠠᠭᠯᠠᠭᠠᠷ ᠮᠤᠳᠤ ᠪᠠᠷ ᠳᠠᠮᠵᠢᠨ ᠢᠷᠠᠵᠤ ᠪᠠᠢ᠌ᠨ᠎ᠠ ᠭᠡᠵᠤ ᠥᠵᠡᠳᠡᠭ᠌ ᠡᠴᠡ ᠦᠵᠡᠪᠠᠯ᠂ ᠡᠷᠳᠡᠨ ᠤ ᠮᠤᠩᠭ᠋ᠤᠯᠴᠤᠳ ᠤᠨ ᠳᠡᠭ᠍ᠷᠢ ᠶᠢᠨ ᠬᠠᠷ᠎ᠠ ᠰᠦᠯᠳᠡ ᠪᠠᠭᠤᠭᠰᠠᠨ ᠭᠡᠭᠦ ᠰᠠᠭᠯᠠᠭᠠᠷ ᠮᠤᠳᠤᠨ ᠪᠣᠯ ᠬᠠᠮᠤᠭ ᠮᠤᠩᠭ᠋ᠤᠯ ᠳᠠᠢ᠌ᠴᠢᠭᠤᠳ ᠤᠨ ᠣᠩᠭ᠋ᠤᠨ ᠳᠠᠭᠢᠯᠭ᠎ᠠ ᠶᠢᠨ ᠮᠤᠳᠤ ᠪᠠᠢ᠌ᠵᠠᠢ᠃
ᠨᠤᠨ ᠬᠤᠷᠴᠢᠨ ᠮᠤᠩᠭ᠋ᠤᠯᠴᠤᠳ ᠲᠤ ᠮᠤᠳᠤᠨ ᠳᠤ ᠰᠦᠨᠠᠰᠤ ᠣᠷᠤᠰᠢᠵᠤ᠂ ᠰᠠᠭᠢᠭᠤᠯᠰᠤᠨ ᠰᠠᠭᠤᠳᠠᠭ ᠭᠡᠭᠦ ᠦᠵᠡᠯᠳᠠ ᠪᠠ ᠪᠠᠢ᠌ᠭᠠᠯᠢ ᠶᠢᠨ ᠠᠯᠢᠪᠠ ᠪᠣᠳᠠᠰ ᠲᠤ ᠪᠦᠷ ᠡᠵᠡᠳ ᠰᠠᠭᠢᠭᠤᠰᠤ ᠲᠡᠶ ᠭᠡᠭᠦ ᠦᠵᠡᠯᠳᠠ ᠡᠴᠡ ᠪᠣᠯᠤᠭᠰᠠᠨ ᠰᠠᠭᠯᠠᠭᠠᠷ ᠮᠤᠳᠤᠨ ᠰᠢᠳᠦᠯᠭᠡ ᠨᠢ ᠠᠮᠢᠳᠤᠷᠠᠯ ᠳᠠᠮᠠᠴᠠᠯ᠂ ᠵᠠᠩ ᠰᠤᠷᠳᠠᠬᠤᠨ ᠳ᠋ᠤᠨᠢ ᠨᠠᠢ᠌ᠳᠠᠮ ᠨᠠᠪᠴᠢᠵᠤ ᠪᠠᠢ᠌ᠳᠠᠭ᠃ ᠢᠭᠴᠤ ᠰᠠᠬᠤᠯᠢᠭ ᠰᠠᠯᠠᠭ᠎ᠠ ᠨᠠᠮᠠᠭ᠎ᠠ ᠲᠡᠶ ᠮᠦᠷᠳᠡᠭᠡᠨ ᠪᠦᠳᠦᠭᠦᠨ ᠰᠦᠷᠯᠢᠭ᠌ ᠭᠠᠭᠴᠠᠭᠠᠷ ᠣᠷᠭᠤᠭᠰᠠᠨ ᠱᠠᠩᠰᠢ ᠶᠢᠨ ᠮᠤᠳᠤ ᠪᠠᠨ ᠰᠢᠳᠦᠭᠡᠨ ᠮᠤᠳᠤ ᠪᠣᠯᠭᠠᠵᠤ ᠳᠡᠭᠦᠨ ᠳᠤ ᠪᠠᠨ ᠠᠯᠢᠪᠠ ᠪᠠᠨ ᠵᠠᠯᠪᠠᠷᠢᠵᠤ ᠳᠠᠭᠠᠳᠬᠠᠨ ᠨᠢᠳᠤᠨ ᠡᠮᠦᠨ᠎ᠡ ᠳᠤᠯᠭᠠᠷᠠᠭᠰᠠᠨ ᠣᠴᠢᠷ ᠶᠠᠪᠣᠳᠠᠯ ᠶᠢᠡᠨ ᠭᠢᠯᠪᠠᠷᠬᠠᠨ ᠰᠢ᠌ᠳᠪᠦᠷᠢᠯᠡᠭᠦ ᠶᠢ ᠠᠢ᠌ᠯᠠᠳᠬᠠᠨ ᠰᠥᠰᠦᠭᠯᠡᠨ ᠨᠠᠢ᠌ᠳᠠᠳᠠᠭ᠃ ᠳᠡᠭᠦᠨ ᠡᠴᠡ ᠪᠦᠷ ᠰᠦᠷᠳᠠᠨ ᠠᠶᠤᠵᠤ ᠳᠡᠭᠦᠨ ᠳᠤ ᠪᠠᠨ ᠶᠤᠰᠤ ᠠᠯᠳᠠᠬᠤ ᠶᠢ ᠭᠢᠴᠢᠶᠠᠨ ᠰᠠᠷᠠᠮᠵᠢᠯᠠᠵᠤ᠂ ᠳᠡᠭᠡᠷ᠎ᠡ ᠨᠢ ᠠᠪᠠᠷᠢᠬᠤ᠂ ᠵᠤᠭ᠎ᠠ ᠶᠢ ᠨᠢ ᠳᠡᠭᠦᠭᠦ᠂ ᠳᠤᠤᠭᠤᠷ ᠳᠡᠭᠡᠭᠦᠷ ᠨᠢ ᠳᠤᠭᠯᠠᠨ ᠨᠠᠭᠠᠳᠤᠬᠤ ᠵᠡᠷᠭᠡ ᠶᠢ ᠴᠢᠩᠭ᠋᠎ᠠ ᠴᠡᠭᠡᠷᠯᠡᠳᠡᠭ᠌ ᠪᠠᠢ᠌ᠯ᠎ᠠ᠃ ᠬᠡᠦᠬᠡᠳ ᠤᠨ ᠶᠢᠡᠨ ᠥᠭᠡ ᠵᠢᠭᠠᠪᠣᠷᠢ ᠰᠤᠨᠤᠰᠬᠤ ᠦᠭᠡᠶ ᠪᠠᠷ ᠮᠤᠳᠤᠨ ᠳᠤ ᠭᠠᠷᠴᠤ ᠠᠪᠠᠷᠢᠬᠤ ᠡᠴᠡ ᠰᠠᠷᠠᠮᠵᠢᠯᠠᠵᠤ ᠮᠤᠳᠤᠨ ᠳᠡᠭᠡᠷ᠎ᠡ ᠠᠷᠪᠢᠨ ᠪᠦᠳᠦᠭᠦᠨ ᠮᠤᠭᠠᠢ ᠲᠡᠶ ᠭᠡᠵᠤ ᠠᠶᠤᠯᠭᠠᠳᠠᠭ᠃
ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠬᠤᠸᠬᠤᠰᠢᠭᠤ ᠰᠤᠮᠤ ᠶᠢᠨ ᠳ᠋ᠠ ᠾᠦᠸᠧ ᠹᠠᠩ ᠠᠢ᠌ᠯ ᠤᠨ ᠵᠡᠭᠦᠨ ᠡᠮᠦᠨ᠎ᠡ ᠬᠤᠶᠠᠷ ᠭᠠᠵᠠᠷ ᠪᠠ G111 ᠵᠠᠰᠠᠮᠠᠯ ᠵᠠᠮ ᠡᠴᠡ ᠵᠡᠭᠦᠡᠰᠢ ᠮᠦᠨ ᠬᠤᠶᠠᠷ ᠭᠠᠵᠠᠷ ᠤᠨ ᠠᠭᠤᠯᠵᠠᠭᠤᠷ ᠴᠡᠭ᠌ ᠤᠨ ᠦᠨᠳᠦᠷ ᠵᠤ᠋ ᠶᠢᠨ ᠡᠩᠭᠡᠷ ᠤᠨ ᠬᠤᠩᠬᠤᠭᠤᠷ ᠰᠢᠭ ᠭᠠᠵᠠᠷ ᠲᠤ ᠨᠠᠷᠠ ᠶᠢ ᠣᠭᠳᠤᠭᠰᠠᠨ ᠣᠷᠭᠤᠯᠳᠠ ᠲᠡᠶ᠂ ᠭᠠᠵᠠᠷ ᠡᠯᠢᠭᠡᠳᠦᠭ᠍ᠰᠡᠨ ᠨᠠᠮᠠᠭ᠎ᠠ ᠲᠡᠶ᠂ ᠠᠶᠤᠮᠠᠷ ᠰᠦᠷᠳᠠᠢ ᠣᠷᠭᠤᠵᠤ ᠪᠠᠢ᠌ᠭ᠎ᠠ ᠪᠦᠳᠦᠭᠦᠨ ᠰᠠᠭᠯᠠᠭᠠᠷ ᠬᠠᠢ᠌ᠯᠠᠰᠤᠨ ᠮᠤᠳᠤ ᠨᠢ ᠳᠤᠰ ᠠᠢ᠌ᠯ ᠤᠨ ᠳᠠᠭᠢᠯᠭ᠎ᠠ ᠶᠢᠨ 《ᠱᠠᠩᠰᠢ ᠶᠢᠨ ᠮᠤᠳᠤ》 ᠪᠣᠯᠬᠤ ᠶᠤᠮ᠃ ᠳᠠᠷᠠ ᠮᠤᠳᠤ ᠳᠤᠯᠤᠭᠠᠨ ᠪᠦᠳᠦᠭᠦᠨ ᠰᠠᠯᠠᠭ᠎ᠠ ᠲᠡᠶ᠂ ᠣᠷᠢᠳᠠᠪᠠᠷ ᠳᠠᠪᠤᠨ ᠳᠤᠬᠤᠢ ᠭᠢᠷᠢ ᠦᠨᠳᠦᠷ ᠲᠤ ᠭᠤᠷᠪᠠ ᠰᠠᠯᠠᠭᠠᠯᠠᠵᠤ᠂ ᠡᠮᠦᠨᠡᠰᠢ ᠬᠠᠠᠳᠤᠭᠰᠠᠨ ᠨᠢᠭᠡ ᠰᠠᠯᠠᠭ᠎ᠠ ᠨᠢ ᠮᠦᠨ ᠬᠤᠶᠠᠷ ᠰᠠᠯᠠᠭᠠᠯᠠᠵᠤ᠂ ᠪᠠᠷᠠᠭᠤᠨ ᠬᠣᠢ᠌ᠰᠢ ᠬᠠᠠᠳᠤᠭᠰᠠᠨ ᠨᠢᠭᠡ ᠰᠠᠯᠠᠭ᠎ᠠ ᠨᠢ ᠪᠠᠰᠠ ᠬᠤᠶᠠᠷ ᠰᠠᠯᠠᠭᠠᠯᠠᠵᠠᠢ᠃ ᠵᠡᠭᠦᠨ ᠬᠣᠢ᠌ᠰᠢ ᠬᠠᠠᠳᠤᠭᠰᠠᠨ ᠨᠢᠭᠡ ᠰᠠᠯᠠᠭ᠎ᠠ ᠨᠢ ᠥᠭᠡᠷ᠎ᠡ ᠰᠠᠯᠠᠭ᠎ᠠ ᠭᠠᠷᠤᠭᠰᠠᠨ ᠦᠭᠡᠶ᠃ ᠴᠤᠬᠤᠮ ᠭᠡᠳᠦᠢ ᠣᠨ ᠪᠣᠯᠵᠤ ᠪᠠᠢ᠌ᠭ᠎ᠠ ᠶᠢ ᠨᠢ ᠠᠰᠠᠭᠤᠭᠰᠠᠨ ᠴᠤ ᠳᠤᠳᠤᠷᠬᠠᠢ ᠮᠡᠳᠡᠭᠦ ᠨᠠᠰᠤᠳᠠᠢ᠌ᠴᠤᠳ ᠪᠠᠢ᠌ᠬᠤ ᠦᠭᠡᠶ ᠪᠣᠯᠵᠠᠢ᠃ ᠳᠤᠰ ᠠᠢ᠌ᠯ ᠪᠣᠯ ᠳᠦᠷᠪᠠᠨ ᠮᠢᠩᠭ᠋᠎ᠠ ᠢᠯᠡᠭᠦᠤ ᠭᠦᠮᠤᠨ ᠠᠮᠠ ᠲᠡᠶ ᠳᠡᠯᠡᠭᠡᠢ ᠳᠡᠭᠡᠷ᠎ᠡ ᠬᠠᠮᠤᠭ ᠣᠯᠠᠨ ᠮᠤᠩᠭ᠋ᠤᠯ ᠦᠨᠳᠦᠰᠦᠳᠠᠨ ᠤ ᠭᠦᠮᠤᠨ ᠠᠮᠠ ᠲᠦᠪᠯᠡᠷᠠᠨ ᠰᠠᠭᠤᠭᠰᠠᠨ ᠪᠣᠯᠬᠤᠷ ᠮᠤᠩᠭ᠋ᠤᠯ ᠤᠨ ᠣᠵᠠᠭᠤᠷ ᠰᠤᠶᠤᠯ ᠤᠨ ᠦᠪ ᠢ ᠨᠠᠯᠢᠶᠠᠤᠨ ᠵᠤᠵᠠᠭᠠᠨ ᠬᠠᠳᠠᠭᠠᠯᠠᠭᠰᠠᠨ ᠶᠤᠮ᠃ ᠳᠤᠰ ᠮᠤᠳᠤ ᠨᠢ ᠭᠡᠳᠥᠢᠪᠠᠷ ᠣᠷᠳᠤ ᠣᠳᠠᠭᠠᠨ ᠬᠤᠭᠤᠴᠠᠭᠠᠨ ᠤ ᠪᠠᠢ᠌ᠭᠠᠯᠢ ᠶᠢᠨ ᠭᠠᠩ᠂ ᠣᠯᠤᠰ ᠳᠦᠷᠤ ᠶᠢᠨ ᠭᠠᠮᠰᠢᠭ ᠲᠤ ᠳᠠᠭᠠᠷᠢᠭᠳᠠᠭᠰᠠᠨ ᠪᠣᠯᠪᠠᠴᠤ᠂ ᠳ᠋ᠠ ᠾᠦᠸᠧ ᠹᠠᠩ ᠠᠢ᠌ᠯ ᠤᠨ ᠭᠡᠳᠤᠨ ᠮᠢᠩᠭ᠋ᠠᠨ ᠮᠤᠩᠭ᠋ᠤᠯᠴᠤᠳ ᠤᠨ ᠶᠢᠡᠨ ᠰᠢᠳᠦᠯᠭᠡ ᠣᠬᠠᠮᠰᠠᠷ ᠲᠤ ᠳᠦᠰᠢᠭᠯᠡᠨ ᠣᠳᠤ ᠪᠣᠯᠳᠠᠯ᠎ᠠ ᠮᠦᠨ ᠳᠤᠬᠠᠢ ᠶᠢᠨ ᠦᠶ᠎ᠡ ᠶᠢᠨ ᠰᠦᠷ ᠭᠡᠷᠡᠯ ᠶᠢᠡᠨ ᠪᠠᠳᠠᠷᠠᠭᠤᠯᠤᠨ ᠣᠷᠭᠤᠭᠰᠠᠭᠠᠷ ᠪᠠᠢ᠌ᠨ᠎ᠠ᠃ ᠡᠷᠳᠡ ᠳᠤ ᠳᠤᠰ ᠠᠢ᠌ᠯ ᠤᠨ ᠴᠢᠬᠤᠯᠠ ᠴᠢᠬᠤᠯᠠ ᠭᠡᠷᠡᠭ᠌ ᠤᠳ ᠨᠢ ᠪᠦᠷ ᠡᠨᠡ ᠮᠤᠳᠤᠨ ᠤ ᠳᠤᠤᠷ᠎ᠠ ᠰᠢ᠌ᠳᠪᠦᠷᠢᠯᠡᠭ᠍ᠳᠡᠳᠡᠭ᠌ ᠪᠠᠢ᠌ᠵᠤ ᠭᠡᠨ᠎ᠡ᠃ ᠳᠡᠭᠦᠨ ᠤ ᠰᠠᠯᠠᠭ᠎ᠠ ᠨᠠᠮᠠᠭ᠎ᠠ ᠨᠢ ᠪᠦᠷ ᠣᠠᠵᠠᠢ᠌ᠭᠠᠤᠨ ᠭᠠᠵᠠᠷ ᠰᠢᠭᠦᠷᠦᠭ᠍ᠰᠡᠨ ᠪᠣᠯᠬᠤᠷ ᠪᠣᠰᠤᠭ᠎ᠠ ᠪᠦᠳᠦᠭᠦᠨ ᠡᠷ᠎ᠡ ᠴᠤ ᠮᠤᠳᠤᠨ ᠤ ᠳᠤᠤᠷ᠎ᠠ ᠣᠷᠤᠭᠠᠤᠨ ᠵᠤᠭᠰᠤᠪᠠᠯ ᠬᠠᠷᠠᠭᠳᠠᠬᠤ ᠪᠠᠨ ᠪᠣᠯᠢᠳᠠᠭ ᠳᠠᠢ᠌ᠮᠤ ᠰᠠᠬᠤᠯᠠᠭ ᠰᠠᠢ᠌ᠬᠠᠨ ᠪᠠᠢ᠌ᠳᠠᠭ᠃ ᠠᠢ᠌ᠯ ᠤᠨ ᠬᠡᠦᠬᠡᠳ ᠭᠡᠳᠥᠢᠪᠠᠷ ᠳᠤᠤᠷ᠎ᠠ ᠨᠢ ᠨᠢᠭᠤᠯᠴᠠᠵᠤ ᠨᠠᠭᠠᠳᠬᠤ ᠶᠢ ᠰᠠᠨᠠᠬᠤ ᠪᠣᠯᠪᠠᠴᠤ ᠠᠶᠤᠭᠠᠤᠨ ᠣᠷᠤᠳᠠᠭ ᠦᠭᠡᠶ᠃ ᠵᠢᠪᠠᠷ ᠰᠠᠯᠭᠢᠨ ᠦᠭᠡᠶ ᠳᠤᠪ ᠳᠤᠩᠭ᠋ᠠᠯᠠᠭ ᠰᠠᠢ᠌ᠬᠠᠨ ᠡᠳᠦᠷ ᠲᠤ ᠴᠤ ᠳᠠᠷᠠ ᠮᠤᠳᠤᠨ ᠤ ᠬᠠᠵᠠᠭᠤ ᠳᠤ ᠨᠢ ᠣᠴᠢᠪᠠᠯ᠂ ᠰᠡᠷᠢᠭᠦᠨ ᠰᠠᠯᠭᠢ ᠰᠠᠷ ᠰᠠᠷ ᠦᠯᠢᠶᠠᠨ᠂ ᠰᠠᠯᠠᠭ᠎ᠠ ᠨᠠᠮᠠᠭ᠎ᠠ ᠨᠢ ᠵᠢᠷ ᠵᠢᠷ ᠳᠤᠤᠭᠠᠷᠤᠭᠠᠤᠨ ᠶᠠᠭ ᠪᠣᠷᠬᠠᠨ ᠰᠠᠭᠢᠭᠤᠯᠰᠤᠨ ᠤ ᠰᠥᠭ᠌ ᠰᠦᠨᠠᠰᠤ ᠨᠠᠰᠢ ᠴᠠᠰᠢ ᠶᠠᠪᠣᠵᠤ ᠰᠠᠭᠤᠵᠤ ᠪᠠᠢ᠌ᠬᠤ ᠰᠢᠭ ᠰᠠᠨᠠᠭᠳᠠᠭᠤᠯᠬᠤ ᠪᠣᠯᠬᠤᠷ ᠭᠦᠮᠦᠰ ᠲᠤ ᠠᠶᠤᠨ ᠰᠦᠷᠳᠠᠵᠤ᠂ ᠭᠦᠡᠳᠦᠳᠭᠡᠨ ᠪᠢᠰᠢᠷᠡᠭᠦ ᠰᠡᠳᠬᠢᠯᠭᠡ ᠶᠢ ᠠᠶᠠᠠᠳᠠᠭᠠᠨ ᠳᠦᠷᠦᠭ᠍ᠳᠡᠭᠦᠯᠦᠨ᠎ᠡ᠃
ᠰᠠᠯᠠᠭ᠎ᠠ ᠨᠠᠮᠠᠭ᠎ᠠ ᠳ᠋ᠤᠨᠢ ᠵᠢᠵᠢᠭ᠌ ᠵᠢᠵᠢᠭ᠌ ᠭᠠᠤᠯᠢᠨ ᠪᠣᠷᠬᠠᠨ᠂ ᠠᠯᠳᠠᠨ ᠪᠣᠷᠬᠠᠨ ᠡᠯᠭᠦᠭ᠍ᠳᠡᠵᠤ ᠪᠠᠢ᠌ᠨ᠎ᠠ᠃ ᠣᠤᠯ ᠨᠢ ᠭᠦᠷᠡᠯ ᠣᠩᠭ᠋ᠤᠳ᠂ ᠮᠤᠳᠤᠨ ᠣᠩᠭ᠋ᠤᠳ ᠡᠯᠭᠦᠭ᠍ᠳᠡᠵᠤ ᠪᠠᠢ᠌ᠭᠰᠠᠨ ᠪᠠᠢ᠌ᠵᠤ ᠳᠠᠭᠠᠷᠠᠨ᠎ᠠ ᠭᠡᠵᠤ ᠨᠤᠳᠤᠭ ᠤᠨ ᠪᠣᠭᠤᠷᠤᠯᠴᠤᠳ ᠭᠦᠦᠷᠨᠢᠳᠡᠭ᠌ ᠴᠤ ᠰᠢᠳᠦᠭᠡᠨ ᠮᠤᠳᠤᠨ ᠳᠤ ᠪᠠᠨ ᠠᠪᠠᠷᠢᠵᠤ ᠠᠯᠳᠠᠨ ᠪᠣᠷᠬᠠᠨ ᠡᠷᠢᠭ᠍ᠰᠡᠨ ᠨᠤᠳᠤᠭ ᠤᠨ ᠭᠦᠮᠤᠨ ᠨᠢᠭᠡ ᠴᠤ ᠰᠤᠨᠤᠰᠳᠠᠭᠰᠠᠨ ᠦᠭᠡᠶ᠃ ᠳᠡᠭᠡᠷ᠎ᠡ ᠵᠠᠭᠤᠨ ᠤ ᠳᠠᠯᠠᠭᠠᠤᠨ ᠣᠨ ᠤ ᠦᠶ᠎ᠡ ᠪᠠᠷ ᠨᠢᠭᠡ ᠵᠢᠯ ᠤᠨ ᠬᠠᠪᠣᠷ ᠤᠨ ᠴᠠᠭ ᠭᠢᠳᠠᠤᠨ ᠭᠠᠵᠠᠷ ᠡᠴᠡ ᠰᠢᠨ ᠺᠠᠢ ᠾᠧ ᠭᠤᠤᠯ ᠢ ᠮᠠᠯᠳᠠᠬᠤ ᠪᠠᠷ ᠢᠷᠡᠭ᠍ᠰᠡᠨ ᠵᠠᠯᠠᠭᠤᠴᠤᠳ ᠠᠯᠳᠠᠨ ᠪᠣᠷᠬᠠᠨ ᠤ ᠳᠤᠬᠠᠢ ᠰᠤᠷᠠᠭ ᠠᠪᠴᠤ ᠮᠠᠭᠤ ᠰᠠᠨᠠᠭ᠎ᠠ ᠡᠪᠦᠷᠯᠡᠭᠡᠳ ᠭᠡᠳᠦᠭᠦᠯᠡ ᠪᠠᠨ ᠨᠤᠳᠤᠭ ᠤᠨ ᠭᠦᠮᠦᠰ ᠡᠴᠡ ᠳᠠᠯᠳᠠᠭᠤᠷ ᠰᠡᠮᠡᠭᠡᠷ ᠣᠴᠢᠵᠤ ᠰᠢᠳᠦᠭᠡᠨ ᠮᠤᠳᠤᠨ ᠳᠡᠭᠡᠷ᠎ᠡ ᠭᠠᠷᠵᠠᠭᠠᠨ ᠰᠠᠯᠠᠭ᠎ᠠ ᠨᠠᠮᠠᠭ᠎ᠠ ᠶᠢ ᠨᠢ ᠣᠷᠠᠵᠤ ᠮᠠᠯᠳᠠᠨ᠂ ᠳᠠᠰᠤᠯᠵᠤ ᠬᠤᠭᠤᠴᠠᠨ ᠠᠯᠳᠠ ᠮᠥᠩᠭᠦᠨ ᠪᠣᠷᠬᠠᠨ ᠢ ᠡᠷᠢᠵᠡᠢ᠃ ᠰᠠᠨᠠᠭᠠᠨ ᠡᠴᠡ ᠭᠠᠳᠠᠭᠤᠷ ᠭᠦᠭᠡᠷᠦᠭᠦᠢ ᠨᠢᠭᠡ ᠵᠠᠯᠠᠭᠤ ᠨᠢ ᠮᠤᠳᠤᠨ ᠡᠴᠡ ᠬᠠᠯᠳᠤᠷᠢᠨ ᠭᠦᠯ ᠠᠯᠳᠠᠨ ᠣᠨᠠᠭᠠᠤᠨ ᠭᠤᠤᠯ ᠨᠢ ᠳᠠᠰᠤᠷᠠᠵᠤ ᠡᠮᠴᠢ ᠶᠢᠨ ᠬᠤᠷᠢᠶᠠᠨ ᠳᠤ ᠭᠦᠷᠭᠡᠵᠤ ᠴᠤ ᠠᠮᠵᠢᠭᠰᠠᠨ ᠦᠭᠡᠶ ᠪᠠᠷ ᠵᠠᠮ ᠳᠤ ᠪᠠᠨ ᠥᠭᠦᠯᠡ ᠭᠡᠯᠴᠡᠳᠡᠭ᠌᠃ ᠡᠭᠡ ᠮᠤᠳᠤ ᠶᠢᠨ ᠪᠠᠷᠠᠭᠤᠨ ᠬᠣᠢ᠌ᠰᠢ ᠬᠠᠠᠳᠤᠭᠰᠠᠨ ᠪᠦᠳᠦᠭᠦᠨ ᠰᠠᠯᠠᠭᠠᠨ ᠤ ᠭᠢᠨ ᠬᠤᠶᠠᠷ ᠵᠢᠵᠢᠭ᠌ ᠰᠠᠯᠠᠭ᠎ᠠ ᠶᠢᠨ ᠨᠢᠭᠡ ᠨᠢ ᠳᠠᠯᠠᠭᠠᠤᠨ ᠣᠨ ᠤ ᠦᠶ᠎ᠡ ᠳᠤ ᠴᠠᠭᠢᠯᠭᠠᠨ ᠳᠡᠭ᠍ᠷᠢ ᠪᠠᠭᠤᠵᠤ ᠰᠠᠯᠪᠠᠷᠠᠵᠤ ᠣᠨᠠᠵᠠᠢ᠃ ᠣᠳᠤ ᠣᠭ ᠨᠢ ᠳᠤᠷᠤᠭᠰᠢ ᠬᠠᠠᠳᠤᠨ ᠬᠤᠪᠠᠬᠠᠢ᠌ᠷᠠᠵᠤ ᠥᠯᠡᠳᠡᠭᠡᠳ ᠳᠡᠦᠭᠡ ᠶᠢᠨ ᠭᠡᠷᠡᠴᠢ ᠪᠣᠯᠵᠠᠢ᠃ ᠴᠠᠭᠢᠯᠭᠠᠨ ᠳᠤ ᠴᠤᠭᠢᠭᠳᠠᠭᠰᠠᠨ ᠮᠤᠳᠤ ᠶᠢ ᠬᠤᠷᠴᠢᠨ ᠮᠤᠩᠭ᠋ᠤᠯᠴᠤᠳ ᠷᠢᠳᠢ ᠰᠢᠳᠢ ᠲᠡᠶ ᠶᠠᠭᠤᠮ᠎ᠠ ᠪᠣᠯᠭᠠᠨ ᠥᠵᠡᠳᠡᠭ᠌᠃ ᠳᠡᠷᠡᠭᠦ ᠰᠠᠯᠪᠠᠷᠠᠵᠤ ᠣᠨᠠᠭᠰᠠᠨ ᠰᠠᠯᠠᠭ᠎ᠠ ᠶᠢ ᠭᠦᠮᠦᠰ ᠪᠣᠯᠢᠶᠠᠯᠳᠤᠨ ᠠᠪᠠᠴᠢᠨ᠎ᠠ᠃ ᠳᠠᠷᠠ ᠨᠢ ᠰᠢᠳᠤᠨ ᠡᠪᠡᠳᠴᠢᠨ ᠢ ᠵᠠᠰᠠᠬᠤ ᠪᠠᠷ ᠪᠠᠷᠠᠬᠤ ᠦᠭᠡᠶ ᠨᠠᠩ ᠴᠢᠬᠤᠯᠠ ᠨᠢ ᠠᠳᠠ ᠴᠢᠳᠭᠦᠷ ᠤᠨ ᠳᠠᠷᠤᠯᠭ᠎ᠠ ᠪᠣᠯᠤᠨ᠎ᠠ ᠭᠡᠨ᠎ᠡ᠃
ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠪᠠᠯᠭᠠᠰᠤᠨ ᠤ ᠪᠦᠳᠦᠭᠦᠨ ᠮᠤᠳᠤᠨ ᠠᠢ᠌ᠯ ᠤᠨ ᠬᠣᠢ᠌ᠨ᠎ᠠ ᠭᠡᠳᠤᠨ ᠵᠠᠭᠤᠨ ᠵᠢᠯ ᠪᠣᠯᠤᠭᠰᠠᠨ ᠨᠢᠭᠡᠨ ᠰᠠᠭᠤᠷᠢ ᠬᠠᠢ᠌ᠯᠠᠰᠤᠨ ᠮᠤᠳᠤ ᠪᠠᠢ᠌ᠭᠰᠠᠨ ᠨᠢ ᠭᠡᠳᠤᠨ ᠪᠦᠳᠦᠭᠦᠨ ᠡᠷ᠎ᠡ ᠭᠠᠷ ᠭᠠᠷ ᠶᠢᠡᠨ ᠬᠤᠯᠪᠣᠭᠠᠤᠨ ᠪᠠᠰᠠ ᠭᠦᠷᠭᠦ ᠦᠭᠡᠶ ᠳᠠᠢ᠌ᠮᠤ ᠪᠦᠳᠦᠭᠦᠨ ᠪᠠᠢ᠌ᠭᠰᠠᠨ ᠭᠡᠨ᠎ᠡ᠃ ᠨᠤᠳᠤᠭ ᠤᠨ ᠪᠣᠭᠤᠷᠤᠯᠴᠤᠳ ᠤᠨ ᠬᠠᠭᠤᠴᠢᠯᠠᠬᠤ ᠪᠠᠷ᠂ ᠡᠨᠡᠭᠦ ᠠᠪᠣᠷᠭᠤ ᠳᠤᠮᠤ ᠱᠠᠩᠰᠢ ᠶᠢᠨ ᠮᠤᠳᠤ ᠶᠢ ᠳᠤᠭᠤᠷᠢᠭᠰᠠᠨ ᠭᠡᠳᠤᠨ ᠠᠢ᠌ᠯ ᠶᠢᠡᠷ ᠶᠢᠡᠨ ᠳᠠᠭᠢᠵᠤ᠂ ᠳᠠᠭᠢᠬᠤ ᠪᠦᠷᠢ ᠳᠤᠬᠠᠢ ᠶᠢᠨ ᠦᠶ᠎ᠡ ᠶᠢᠨ ᠭᠠᠩᠳᠠᠵᠤ ᠬᠠᠭᠰᠠᠷᠠᠵᠤ ᠪᠠᠢ᠌ᠭᠰᠠᠨ ᠠᠰᠠᠭᠤᠳᠠᠯ ᠶᠢᠡᠨ ᠰᠢ᠌ᠳᠪᠦᠷᠢᠯᠡᠳᠡᠭ᠌᠃ ᠳᠤᠰ ᠮᠤᠳᠤᠨ ᠤ ᠣᠭ ᠦᠨᠳᠦᠰᠦᠨ ᠤ ᠭᠦᠡᠳᠡᠢ ᠳᠤ ᠬᠠᠷ᠎ᠠ ᠡᠷᠢᠶᠡᠨ᠂ ᠴᠠᠭᠠᠨ ᠡᠷᠢᠶᠡᠨ ᠬᠤᠶᠠᠷ ᠡᠷ᠎ᠡ ᠡᠮ᠎ᠡ ᠮᠤᠭᠠᠢ ᠡᠭᠦᠷᠯᠡᠵᠤ ᠪᠠᠢ᠌ᠭᠰᠠᠨ ᠪᠠ ᠮᠤᠳᠤᠨ ᠤ ᠬᠤᠶᠠᠷ ᠪᠦᠳᠦᠭᠦᠨ ᠰᠠᠯᠠᠭᠠᠨ ᠤ ᠭᠢᠨᠢ ᠣᠷᠭᠤᠭᠰᠠᠨ ᠨᠢ ᠶᠠᠭ ᠭᠦᠮᠤᠨ ᠬᠤᠶᠠᠷ ᠭᠠᠷ ᠶᠢᠡᠷ ᠶᠢᠡᠨ ᠵᠠᠯᠪᠢᠷᠠᠵᠤ ᠪᠠᠢ᠌ᠭ᠎ᠠ ᠰᠢᠭ ᠬᠠᠷᠠᠭᠳᠠᠬᠤ ᠪᠣᠯᠬᠤᠷ ᠭᠦᠮᠦᠰ ᠲᠤ ᠨᠠᠩ ᠢᠯᠡᠭᠦᠤ ᠰᠥᠰᠦᠭ᠌ ᠪᠢᠰᠢᠷᠠᠯ ᠤᠨ ᠰᠡᠳᠬᠢᠯᠭᠡ ᠶᠢ ᠳᠦᠷᠦᠭ᠍ᠳᠡᠭᠦᠯᠦᠨ᠎ᠡ᠃ ᠶᠡᠭᠡ ᠦᠰᠦᠷᠦᠩᠭᠦᠢ ᠳᠠᠪᠰᠢᠯᠳᠠ ᠶᠢᠨ ᠵᠢᠯ ᠳᠤ ᠠᠢ᠌ᠯ ᠤᠨ ᠭᠦᠮᠦᠰ ᠡᠨᠡ ᠮᠤᠳᠤ ᠶᠢ ᠣᠭᠳᠤᠯᠬᠤ ᠳᠤ ᠭᠢᠷᠦᠭᠡ ᠶᠢ ᠨᠢ ᠳᠠᠭᠠᠭᠠᠤᠨ ᠣᠯᠠᠭᠠᠨ ᠰᠢᠭᠦᠰᠤ ᠭᠠᠷᠤᠭᠰᠠᠨ ᠢ ᠥᠵᠡᠭᠡᠳ ᠴᠢᠰᠤ ᠭᠠᠷᠤᠯ᠎ᠠ ᠭᠡᠵᠡᠢ᠃ ᠳᠤᠮᠤ ᠮᠤᠳᠤᠨ ᠳ᠋ᠦᠠᠵᠠ ᠶᠢ ᠳᠡᠭᠡᠭᠡᠳ ᠪᠠᠷᠢᠭᠠᠳᠠ ᠶᠢᠨ ᠭᠦᠷᠢᠶᠡᠨ ᠳᠤ ᠪᠠᠨ ᠪᠠᠭᠤᠯᠭᠠᠬᠤ ᠭᠡᠵᠤ ᠪᠠᠢ᠌ᠭᠠᠤᠨ ᠠᠷᠠᠯ ᠤᠨ ᠮᠤᠷᠢᠨ ᠤ ᠪᠠᠨ ᠨᠢᠷᠤᠭᠤ ᠶᠢ ᠬᠤᠭᠤᠯᠵᠤ ᠠᠯᠠᠵᠤ ᠠᠪᠣᠭᠰᠠᠨ ᠭᠡᠨ᠎ᠡ᠃ ᠨᠢᠭᠡ ᠮᠤᠳᠤᠨ ᠳᠠᠷᠬᠠᠨ ᠨᠢ ᠪᠠᠰᠠ ᠭᠦᠡᠳᠤ ᠡᠪᠡᠳᠴᠢᠯᠡᠵᠡᠢ᠃ ᠮᠤᠳᠤᠨ ᠳ᠋ᠦᠠᠵᠠ ᠪᠠᠷ ᠮᠤᠷᠢ ᠳᠡᠵᠢᠭᠡᠭᠦ ᠣᠩᠭ᠋ᠤᠴᠠ ᠪᠠ ᠭᠠᠬᠠᠢ ᠳᠡᠵᠢᠭᠡᠭᠦ ᠣᠩᠭ᠋ᠤᠴᠠ ᠭᠢᠭ᠍ᠰᠡᠨ ᠴᠢᠨᠢ ᠮᠤᠷᠢ ᠨᠢ ᠮᠠᠭᠤᠳᠠᠭᠠᠤᠨ᠂ ᠭᠠᠬᠠᠢ ᠨᠢ ᠳᠠᠷᠭᠤᠯᠠᠬᠤ ᠦᠭᠡᠶ ᠦᠷᠡᠵᠢᠭᠦ ᠦᠭᠡᠶ ᠰᠤᠢ᠌ᠳ ᠪᠣᠯᠤᠯ᠎ᠠ ᠭᠡᠯᠴᠡᠳᠡᠭ᠌᠃
ᠱᠸᠪᠠᠷᠳᠤ ᠪᠠᠯᠭᠠᠰᠤᠨ ᠤ ᠭᠤᠤᠯ ᠪᠠᠭ᠎ᠠ ᠰᠤᠷᠭᠠᠭᠤᠯᠢ ᠶᠢᠨ ᠳᠦᠷᠪᠠᠨ ᠳᠠᠪᠬᠤᠷ ᠵᠢᠭᠠᠨ ᠰᠤᠷᠭᠠᠬᠤ ᠠᠰᠠᠷ ᠤᠨ ᠬᠣᠢ᠌ᠳᠤ ᠳᠠᠯ᠎ᠠ ᠳᠤ ᠬᠤᠶᠠᠷ ᠮᠸᠲ᠋ᠷ ᠭᠦᠷᠭᠦ ᠦᠭᠡᠶ ᠵᠠᠢ ᠳᠤ ᠣᠷᠭᠤᠵᠤ ᠪᠠᠢ᠌ᠭ᠎ᠠ ᠳᠤᠮᠤ ᠣᠳᠠ ᠮᠤᠳᠤ ᠮᠦᠨ ᠬᠤᠶᠠᠷ ᠪᠣᠵᠠᠭᠠᠢ ᠡᠷ᠎ᠡ ᠳᠡᠪᠠᠷᠢᠭᠡᠳ ᠭᠠᠷ ᠨᠢ ᠭᠦᠷᠭᠦ ᠦᠭᠡᠶ ᠳᠠᠢ᠌ᠮᠤ ᠪᠦᠳᠦᠭᠦᠨ ᠪᠠᠢ᠌ᠳᠠᠭ᠃ ᠳᠤᠰ ᠣᠳᠠ ᠶᠢᠨ ᠨᠠᠰᠤᠨ ᠰᠡᠭᠦᠳᠡᠷ ᠢ ᠳᠤᠳᠤᠷᠬᠠᠢ ᠮᠡᠳᠡᠭᠦ ᠭᠦᠮᠤᠨ ᠢ ᠬᠠᠷᠠᠬᠠᠨ ᠣᠯᠤᠭ᠎ᠠ ᠦᠭᠡᠶ᠃ ᠳᠠᠷᠠ ᠨᠢ ᠵᠠᠩ ᠭᠢᠷᠢ ᠦᠨᠳᠦᠷ ᠣᠷᠭᠤᠭᠰᠠᠨ ᠤ ᠳᠠᠷᠠᠭ᠎ᠠ ᠰᠠᠶᠢ ᠣᠯᠠᠨ ᠠᠷᠪᠢᠨ ᠰᠠᠯᠠᠭᠠᠯᠠᠵᠠᠢ᠃ ᠨᠠᠷᠢᠨ ᠪᠦᠳᠦᠭᠦᠨ ᠰᠠᠯᠠᠭ᠎ᠠ ᠨᠢ ᠳᠤᠭᠠᠯᠠᠬᠤ ᠶᠢᠨ ᠠᠷᠭ᠎ᠠ ᠦᠭᠡᠶ ᠢᠭᠴᠢ ᠵᠤᠵᠠᠭᠠᠨ ᠪᠠᠢ᠌ᠨ᠎ᠠ᠃ ᠳᠡᠭᠡᠷ᠎ᠡ ᠵᠠᠭᠤᠨ ᠤ ᠨᠠᠶᠠᠭᠠᠤᠨ ᠣᠨ ᠤ ᠰᠡᠭᠦᠯᠴᠢ ᠶᠢᠨ ᠦᠶ᠎ᠡ ᠪᠠᠷ ᠳᠤᠰ ᠮᠤᠳᠤᠨ ᠤ ᠵᠡᠭᠦᠨ ᠳᠠᠯ᠎ᠠ ᠪᠠᠷ ᠨᠢ ᠭᠦᠡᠳᠡᠢ᠌ᠷᠡᠵᠤ ᠣᠩᠬᠤᠭᠤᠷ ᠭᠠᠷᠤᠭᠠᠤᠨ᠂ ᠰᠤᠷᠭᠠᠭᠤᠯᠢ ᠶᠢᠨ ᠪᠢᠴᠢᠬᠠᠨ ᠬᠡᠦᠬᠡᠳ ᠨᠢᠭᠤᠯᠴᠠᠵᠤ ᠨᠠᠭᠠᠳᠬᠤ ᠳᠤ ᠪᠠᠨ ᠳᠤᠳᠤᠷ᠎ᠠ ᠨᠢ ᠣᠷᠤᠵᠤ ᠨᠢᠭᠤᠭᠳᠠᠵᠤ ᠪᠠᠢ᠌ᠭᠰᠠᠨ ᠶᠤᠮ᠃ ᠣᠳᠤ ᠪᠣᠯᠬᠤ ᠳᠤ ᠳᠠᠷᠠ ᠣᠩᠬᠤᠭᠤᠷ ᠨᠢ ᠢᠳᠡᠭ᠌ ᠢᠳᠡᠭ᠌ ᠶᠢᠡᠷ ᠬᠤᠮᠢᠭᠰᠠᠭᠠᠷ ᠳᠦᠭᠦᠷᠴᠤ᠂ ᠵᠥᠪᠭᠡᠨ ᠡᠮᠡᠭ᠍ᠳᠡᠢ ᠭᠦᠮᠤᠨ ᠤ ᠪᠠᠯᠭᠡ ᠶᠢᠨ ᠡᠷᠭᠡᠳᠡᠨ ᠰᠢᠭ᠌ ᠣᠷᠤ ᠦᠯᠠᠳᠠᠵᠠᠢ᠃
《ᠮᠤᠩᠭ᠋ᠤᠯ ᠤᠨ ᠨᠢᠭᠤᠴᠠ ᠳᠤᠪᠴᠢᠶᠠᠨ》 §254 ᠳ᠋ᠤ ᠶᠢᠰᠤᠢ ᠬᠠᠳᠤᠨ ᠴᠢᠩᠭᠢᠰ ᠬᠠᠭᠠᠨ ᠳᠤ ᠳᠤᠷᠠᠳᠬᠠᠨ ᠠᠢ᠌ᠯᠠᠳᠬᠠᠷᠤᠨ᠄
᠁᠁᠁
ᠱᠠᠩᠰᠢ ᠮᠠᠳᠤ ᠪᠠᠶ᠎ᠠ ᠴᠢᠨᠢ
ᠰᠠᠯᠵᠤ ᠶᠠᠪᠣᠬᠤ ᠳᠤ ᠭᠦᠷᠪᠠᠯ
ᠰᠢᠷᠭᠡᠭ᠌ ᠮᠠᠳᠤ ᠨᠢᠭᠳᠠᠷᠠᠭᠰᠠᠨ ᠣᠯᠤᠰ ᠶᠢᠡᠨ
ᠭᠡᠨ ᠳᠤ ᠪᠠᠨ ᠳᠤᠰᠢᠶᠠᠬᠤ ᠪᠣᠢ ︖ ᠭᠡᠵᠤ ᠭᠦᠮᠤᠨ ᠤ ᠮᠥᠩᠭᠡ ᠪᠣᠰᠤ ᠶᠢᠨ ᠶᠤᠰᠤ ᠣᠴᠢᠷ ᠢ ᠥᠭᠦᠯᠡᠵᠤ᠂ ᠪᠣᠭᠳᠠ ᠡᠵᠡᠨ ᠤ ᠪᠠᠶ᠎ᠠ ᠴᠤᠭᠴᠠᠰ ᠢ ᠠᠷᠠᠤᠨ ᠣᠯᠠᠨ ᠤ ᠰᠢᠳᠤᠵᠤ ᠳᠠᠭᠢᠵᠤ ᠪᠠᠢ᠌ᠭ᠎ᠠ ᠱᠠᠩᠰᠢ ᠶᠢᠨ ᠮᠤᠳᠤ ᠲᠡᠶ ᠵᠣᠢ᠌ᠷᠯᠠᠨ ᠪᠠᠯᠭᠡᠳᠡᠵᠤ᠂ ᠬᠤᠵᠢᠮ ᠤᠨ ᠦᠶ᠎ᠡ ᠵᠠᠯᠭᠠᠮᠵᠢ ᠶᠢᠨ ᠴᠢᠬᠤᠯᠠ ᠣᠴᠢᠷ ᠢ ᠥᠭᠦᠯᠡᠭ᠍ᠰᠡᠨ ᠪᠠᠢ᠌ᠳᠠᠭ᠃ 《ᠬᠠᠨ ᠭᠡᠨᠳᠡᠢ ᠠᠭᠤᠯᠠ ᠶᠢᠨ ᠡᠵᠡᠨ ᠤ ᠳᠠᠭᠤᠳᠠᠯᠭ᠎ᠠ》 ᠳ᠋ᠤ
ᠨᠠᠷᠠᠨ ᠡᠭᠡ ᠲᠡᠶ ᠨᠠᠭᠠᠴᠤ ᠲᠡᠶ
ᠰᠠᠷᠠᠨ ᠡᠴᠢᠭᠡ ᠲᠡᠶ ᠭᠠᠷᠪᠢᠯ ᠲᠡᠶ
ᠬᠠᠯᠳᠤᠨ ᠮᠤᠳᠤᠨ ᠰᠤᠰᠢᠭᠤᠳᠠᠢ
ᠬᠠᠨ ᠭᠡᠨᠳᠡᠢ ᠰᠠᠭᠢᠭᠤᠰᠤ ︕ ᠭᠡᠵᠤ ᠳᠠᠭᠤᠳᠠᠳᠠᠭ ᠳᠠᠭᠢ 《ᠬᠠᠯᠳᠤᠨ ᠮᠤᠳᠤᠨ》 ᠨᠢ 《ᠨᠠᠷᠠᠨ ᠰᠠᠷᠠᠨ》 ᠲᠡᠶ ᠮᠦᠷ ᠰᠠᠴᠤᠭᠤᠯᠠᠨ ᠳᠤᠷᠠᠳᠤᠭᠳᠠᠵᠤ ᠪᠠᠢ᠌ᠭ᠎ᠠ ᠡᠴᠡ ᠮᠤᠳᠤᠨ ᠰᠢᠳᠦᠯᠭᠡ ᠶᠢᠨ ᠪᠠᠢ᠌ᠷᠢ ᠰᠠᠭᠤᠷᠢ ᠨᠢ ᠪᠦᠭᠡ ᠶᠢᠨ ᠱᠠᠰᠢᠨ ᠤ ᠪᠦᠭᠦᠢᠯᠡ ᠰᠢᠳᠦᠯᠭᠡ ᠳᠤ ᠭᠢᠷᠢ ᠵᠡᠷᠭᠡ ᠶᠢᠨ ᠦᠨᠳᠦᠷ ᠪᠠᠢ᠌ᠬᠤ ᠶᠢ ᠮᠠᠳᠠᠵᠤ ᠪᠣᠯᠤᠨ᠎ᠠ᠃ ᠬᠤᠷᠴᠢᠨ ᠠᠷᠠᠤᠨ ᠤᠨ ᠳᠠᠭᠤᠨ ᠳᠤ 《ᠲᠦᠩ ᠬᠠᠷ᠎ᠠ ᠮᠤᠳᠤᠨ ᠤ ᠳᠤᠮᠳᠠ ᠰᠠᠭᠤᠭᠰᠠᠨ ᠪᠢᠴᠢᠭ᠌ ᠤᠨ ᠭᠡᠷ ᠤᠨ ᠶᠠᠮᠤᠨ ᠡ ᠭᠦᠢ》 (《ᠭᠠᠳᠠ ᠮᠠᠢ᠌ᠷᠠᠨ》 ᠳ᠋ᠤ)᠂ 《ᠨᠠᠷᠠᠰᠤᠨ ᠮᠤᠳᠤ ᠭᠡᠳᠡᠭ᠌ ᠴᠢᠨᠢ ᠨᠠᠷᠠᠨ ᠤ ᠪᠠᠨ ᠴᠢᠮᠡᠭ᠌ ᠡ ᠭᠦ ᠭᠦ ᠭᠦᠢ》 (《ᠡᠦᠭ᠍ᠶᠦᠡᠽᠡ᠊ᠨᠳᠡᠨ》 ᠳ᠋ᠤ)᠂ 《ᠨᠠᠷᠠᠨ ᠤ ᠪᠠᠨ ᠳᠤᠳᠤᠷ᠎ᠠ ᠨᠠᠷᠠᠰᠤᠨ ᠮᠤᠳᠤ ᠭᠦᠢ》 (《ᠳᠦᠭᠦᠷᠡᠩᠵᠡᠨᠡ》 ᠳ᠋ᠤ)᠂ 《ᠪᠠᠷᠠᠭᠤᠨ ᠳᠤᠬᠤᠢ ᠶᠢᠨ ᠪᠣᠷᠭᠠᠰᠤ ᠴᠢᠨᠢ ᠣᠷᠭᠤᠵᠤ ᠦᠦ ᠳ᠋ᠠ ᠵᠤᠭᠤᠷᠠᠵᠠᠢ》 (《ᠡᠦᠭ᠍ᠶᠦᠳᠡᠢ》 ᠳ᠋ᠤ)᠂ 《ᠬᠠᠢ᠌ᠯᠠᠰᠤ ᠮᠠᠢ᠌ᠯᠠᠰᠤ ᠮᠤᠳᠤ ᠴᠢᠨᠢ ᠬᠠᠪᠢᠷᠠᠭᠠᠤᠨ ᠣᠨᠠᠪᠠᠯ ᠡ ᠭᠦᠢ》 (《ᠳᠠᠨᠠᠪᠠᠯ》 ᠳ᠋ᠤ) ᠁ ᠭᠡᠭᠦᠴᠢᠯᠡᠨ ᠲᠦᠩ ᠤᠨ ᠬᠠᠷ᠎ᠠ ᠮᠤᠳᠤᠨ ᠤ ᠳᠤᠮᠳᠠ ᠰᠠᠭᠤᠭᠰᠠᠨ ᠭᠠᠳᠠ ᠮᠠᠢ᠌ᠷᠠᠨ ᠤ ᠨᠠᠪᠳᠠᠭ ᠰᠠᠪᠳᠠᠭ ᠲᠡᠶ ᠨᠤᠳᠤᠭ᠂ ᠨᠠᠷᠠᠰᠤᠨ ᠮᠤᠳᠤ ᠰᠢᠭ ᠰᠠᠢ᠌ᠬᠠᠨ ᠳᠦᠷᠦᠭ᠍ᠰᠡᠨ ᠡᠦᠭ᠍ᠶᠦᠡᠼᠡ᠊ᠨᠳᠡᠨ ᠠᠩᠭ᠋᠎ᠠ᠂ ᠨᠠᠷᠠᠰᠤᠨ ᠮᠤᠳᠤ ᠮᠠᠳᠤ ᠴᠢᠭᠢᠷᠠᠭ ᠳᠦᠷᠦᠭ᠍ᠰᠡᠨ ᠳᠦᠭᠦᠷᠡᠩᠵᠡᠨᠡ ᠪᠦᠭᠡᠴᠢᠨ᠂ ᠪᠣᠷᠭᠠᠰᠤ ᠰᠢᠭ ᠨᠠᠢ᠌ᠭᠤᠯᠵᠠᠷ ᠰᠠᠢ᠌ᠬᠠᠨ ᠳᠦᠷᠦᠭ᠍ᠰᠡᠨ ᠡᠦᠭ᠍ᠶᠦᠳᠡᠢ ᠠᠩᠭ᠋᠎ᠠ᠂ ᠬᠠᠢ᠌ᠯᠠᠰᠤ ᠮᠠᠢ᠌ᠯᠠᠰᠤ ᠮᠤᠳᠤᠨ ᠰᠢᠭ ᠳᠦᠰᠢᠭ᠌ ᠳᠤᠯᠭᠠᠭᠤᠷᠢ ᠪᠣᠯᠤᠭᠰᠠᠨ ᠳ᠋ᠠᠨᠠᠪᠠᠯ ᠭᠡᠵᠤ ᠮᠤᠳᠤ ᠪᠠᠷ ᠳᠠᠭᠤᠨ ᠤ ᠭᠤᠤᠯ ᠪᠠᠭᠠᠳᠤᠷ ᠶᠢᠡᠨ ᠵᠣᠢ᠌ᠷᠯᠠᠨ ᠥᠯᠢᠳᠭᠡᠵᠤ ᠮᠤᠳᠤ ᠶᠢ ᠡᠷᠭᠢᠮᠨᠡᠨ ᠭᠦᠡᠳᠦᠳᠭᠡᠵᠤ ᠪᠠᠢ᠌ᠬᠤ ᠶᠢᠨ ᠰᠡᠳᠬᠢᠯᠭᠡ ᠭᠠᠷᠳᠠᠭ᠃
ᠮᠤᠩᠭ᠋ᠤᠯᠴᠤᠳ ᠣᠯᠠᠭᠠᠨ ᠥᠩᠭᠡ ᠲᠡᠶ ᠮᠠᠰᠢ ᠬᠠᠳᠠᠭᠤ ᠪᠣᠷᠭᠠᠰᠤ ᠮᠤᠳᠤ ᠶᠢ ᠰᠤᠬᠠᠢ ᠮᠤᠳᠤ ᠭᠡᠳᠡᠭ᠌ ᠪᠦᠭᠡᠳ 《ᠡᠨᠡ ᠮᠤᠳᠤᠨ ᠢᠨᠤ ᠢᠯᠪᠢᠨ ᠢ ᠵᠠᠢ᠌ᠯᠠᠭᠤᠯᠬᠤ ᠳᠤᠮ ᠪᠣᠢ ᠭᠡᠮᠡᠮᠦᠢ》 (ᠮᠤᠩᠭ᠋ᠤᠯ ᠭᠡᠯᠡᠨ ᠤ ᠳᠤᠯᠢ᠂ ᠳᠤᠰᠤᠨ ᠳᠠᠷᠤᠮᠠᠯ᠂ ᠶᠢᠰᠦᠳᠦᠭᠡᠷ ᠳᠠᠪᠳᠠᠷ) ᠭᠡᠵᠤ ᠮᠠᠰᠢ ᠭᠦᠡᠳᠦᠳᠭᠡᠨ ᠰᠢᠳᠦᠳᠡᠭ᠌᠃ 《ᠵᠠᠩᠵᠠ ᠪᠦᠭᠡ ᠶᠢᠨ ᠳᠠᠭᠤᠳᠠᠯᠭ᠎ᠠ》 ᠳ᠋ᠤ
ᠵᠤᠤ ᠵᠤᠤ ᠶᠢᠨ ᠪᠣᠷᠬᠠᠤᠨ ᠲᠤ
ᠵᠤᠯᠠ ᠭᠦᠵᠢ ᠪᠠᠨ ᠡᠷᠭᠦᠪᠡ
ᠵᠤᠭᠰᠤᠵᠤ ᠪᠠᠢ᠌ᠭᠠᠤᠨ ᠵᠠᠯᠪᠠᠷᠢᠪᠠ
ᠵᠤᠤ ᠪᠣᠷᠬᠠᠨ ᠠᠪᠣᠷᠠᠯᠠ
ᠪᠠᠳᠮᠠᠯᠠᠭᠰᠠᠨ ᠵᠤᠯᠠ ᠪᠠᠨ
ᠪᠠᠳᠠᠮ ᠪᠠᠳᠮ᠎ᠠ ᠰᠤᠬᠠᠢ ᠳᠤ ᠡᠷᠭᠦᠪᠡ
ᠪᠠᠳᠮ᠎ᠠ ᠰᠠᠮᠪᠠᠸ᠎ᠠ ᠪᠯᠠᠮ᠎ᠠ ᠪᠠᠨ
ᠣᠷᠤᠢ ᠳᠡᠭᠡᠷ᠎ᠡ ᠪᠠᠨ ᠵᠠᠯᠪᠠᠷᠢᠪᠠ
᠁᠁᠁᠁
ᠴᠠᠰᠤ ᠴᠠᠭᠠᠨ ᠠᠭᠤᠯᠠ
ᠴᠠᠭᠢᠭᠤᠷ ᠴᠠᠭᠠᠨ ᠬᠠᠳᠠ
ᠱᠢᠳᠤᠷ ᠤᠨ ᠭᠠᠭᠴᠠᠬᠠᠨ ᠮᠤᠳᠤ
ᠱᠠᠪᠠᠢ ᠯᠠᠪᠠᠢ ᠭᠦᠯᠦᠭᠯᠡᠭ᠍ᠰᠡᠨ
ᠯᠠᠪᠠᠭᠠ ᠪᠣᠯᠭᠠᠨ ᠳᠡᠭᠡᠳᠤ ᠪᠢᠯᠠ
ᠨᠠᠪᠴᠢ ᠪᠣᠯᠭᠠᠨ ᠳᠠᠷᠨᠢ ᠪᠢᠯᠠ
ᠨᠠᠷᠠᠨ ᠮᠠᠠᠱᠢᠷ ᠠᠪᠣ ᠮᠢᠨᠢ
ᠬᠤᠪᠣᠯ ᠮᠤᠳᠤᠨ ᠠᠪᠰᠠ ᠲᠡᠶ
ᠬᠤᠪᠣᠭ ᠲᠡᠶ ᠠᠪᠣ ᠶᠢᠨ ᠳᠡᠭᠡᠳᠤ
ᠮᠠᠢ᠌ᠯᠠᠰᠤᠨ ᠮᠤᠳᠤᠨ ᠠᠪᠰᠠ ᠲᠡᠶ
ᠶᠠᠯᠳᠠᠰ ᠳᠡᠭ᠍ᠷᠢ ᠶᠢᠨ ᠴᠢᠯᠮᠠ ᠲᠡᠶ
ᠶᠠᠩ ᠳᠠᠢ᠌ᠪᠠᠢ ᠡᠭᠡ ᠮᠢᠨᠢ ︕ ᠭᠡᠵᠤ ᠣᠯᠠᠭᠠᠨ ᠰᠤᠬᠠᠢ ᠮᠤᠳᠤ ᠶᠢ ᠰᠢᠳᠦᠭᠡᠨ ᠲᠡᠶ ᠪᠠᠷ ᠦᠵᠡᠨ ᠰᠥᠰᠦᠭᠯᠡᠵᠤ ᠳᠠᠭᠠᠳᠬᠠᠵᠤ ᠪᠠᠢ᠌ᠳᠠᠭ ᠪᠠ 《ᠪᠠᠳᠮ᠎ᠠ ᠰᠠᠪᠠᠸᠠ ᠪᠯᠠᠮ᠎ᠠ ᠪᠠᠨ᠁》 ᠭᠡᠵᠤ ᠳᠤᠷᠠᠳᠤᠭᠳᠠᠬᠤ ᠪᠠᠷ ᠨᠢ ᠮᠦᠨ ᠰᠢᠷ᠎ᠠ ᠶᠢᠨ ᠱᠠᠰᠢᠨ ᠤ ᠥᠩᠭᠡ ᠪᠣᠳᠤᠭ ᠲᠡᠶ ᠪᠣᠯᠤᠭᠰᠠᠨ ᠨᠢ ᠢᠯᠡᠭᠡᠨ ᠪᠠᠢ᠌ᠨ᠎ᠠ᠃ ᠡᠨᠡᠭᠦ ᠳᠠᠭᠤᠳᠠᠯᠭ᠎ᠠ ᠡᠴᠡ ᠪᠢᠳᠠ ᠦᠵᠡᠵᠤ ᠭᠠᠷᠬᠤ ᠨᠢ 《ᠱᠢᠳᠤᠷ ᠰᠢᠳᠠᠷ ᠤᠨ ᠭᠠᠭᠴᠠᠬᠠᠨ ᠮᠤᠳᠤ》 ᠭᠡᠳᠡᠭ᠌ ᠨᠢ ᠱᠠᠩᠰᠢ ᠶᠢᠨ ᠮᠤᠳᠤ ᠪᠣᠯᠬᠤ ᠶᠤᠮ᠃ ᠡᠨᠡᠭᠦ ᠱᠠᠩᠰᠢ ᠶᠢᠨ ᠮᠤᠳᠤ ᠨᠢ ᠰᠠᠯᠠᠭ᠎ᠠ ᠨᠠᠮᠠᠭ᠎ᠠ ᠨᠠᠪᠴᠢ ᠨᠠᠭᠢᠶ᠎ᠠ ᠪᠦᠷᠢ ᠳ᠋ᠤᠨᠢ ᠰᠢᠳᠦᠭᠡᠨ ᠲᠡᠶ ᠪᠣᠯᠬᠤ ᠶᠢ 《ᠯᠠᠪᠠᠭᠠ ᠪᠣᠯᠭᠠᠨ ᠳᠡᠭᠡᠳᠤ ᠪᠢᠯᠠ᠂ ᠨᠠᠪᠴᠢ ᠪᠣᠯᠭᠠᠨ ᠳᠠᠷᠨᠢ ᠪᠢᠯᠡ》 ᠭᠡᠵᠤ ᠳᠤᠷᠠᠳᠤᠭᠳᠠᠵᠤ ᠪᠠᠢ᠌ᠳᠠᠭ᠃ ᠳᠠᠷᠬᠠᠨ ᠬᠤᠰᠢᠭᠤᠨ ᠤ ᠰ·ᠷᠢᠠᠴᠢᠨ ᠪᠦᠭᠡ ᠶᠢᠨ ᠳᠠᠭᠤᠳᠠᠯᠭ᠎ᠠ ᠳᠤ
ᠵᠧ᠂ ᠵᠢᠷᠭᠡ ᠭᠦᠢ᠂ ᠡᠨ ᠬᠨ ᠬᠨ ᠭᠦᠢ
ᠴᠠᠰᠤ ᠴᠠᠭᠠᠨ ᠠᠭᠤᠯᠠ ᠴᠢᠨᠢ ᠰᠠᠢ᠌ᠬᠠᠨ ᠪᠢᠰᠢ ᠦᠦ ᠳ᠋ᠠ
ᠰᠢᠳᠠᠷ ᠤᠨ ᠭᠠᠭᠴᠠ ᠮᠤᠳᠤ ᠴᠢᠨᠢ ᠰᠠᠯᠠᠭ᠎ᠠ ᠮᠤᠳᠤ ᠦᠦ ᠳ᠋ᠠ
ᠵᠧ ᠭᠦᠢ ᠭᠦ ᠭᠢ ᠶᠧ
᠁ ᠳᠡᠭᠡᠷ᠎ᠡ ᠴᠢᠨᠢ ᠮᠡᠡᠳᠦᠭᠡᠨ ᠪᠢᠰᠢ ᠦᠦ ᠳ᠋ᠠ
ᠦᠷ᠎ᠡ ᠶᠢᠨ ᠭᠠᠭᠴᠠ ᠮᠤᠳᠤ ᠴᠢᠨᠢ ᠰᠠᠯᠠᠭ᠎ᠠ ᠮᠠᠠᠳᠤ ᠪᠢᠰᠢ ᠦᠦ ᠳ᠋ᠠ
ᠥᠳᠡᠯᠦᠭᠡ ᠨᠢᠯᠬ᠎ᠠ ᠲᠡᠶ ᠪᠠᠨ ᠰᠠᠢ᠌ᠬᠠᠨ ᠪᠢᠰᠢ ᠦᠦ ᠳ᠋ᠠ
ᠵᠠᠮ ᠭᠤᠤᠯ ᠳᠤ ᠪᠠᠨ ᠶᠠᠳᠠᠷᠠᠭᠰᠠᠨ ᠦᠭᠡᠶ ᠦᠦ ᠳ᠋ᠠ
ᠵᠧ ᠭᠦᠢ · ᠭᠦ ᠭᠢ ᠶᠧ ᠭᠡᠵᠤ ᠮᠦᠨ ᠱᠠᠩᠰᠢ ᠮᠤᠳᠤ ᠶᠢ ᠰᠢᠳᠦᠭᠡᠨ ᠪᠣᠯᠭᠠᠵᠤ ᠠᠮᠤᠷ ᠮᠠᠠᠳᠤ ᠠᠰᠠᠭᠤᠵᠤ ᠪᠠᠢ᠌ᠭ᠎ᠠ ᠣᠴᠢᠷᠳᠠᠢ᠃
ᠮᠤᠩᠭ᠋ᠤᠯᠴᠤᠳ ᠤᠨ ᠳᠤᠮ ᠰᠢᠪᠰᠢᠯᠭᠡ ᠪᠣᠯ ᠰᠢᠳᠦᠭᠡᠨ ᠪᠣᠳᠠᠰ ᠶᠢᠡᠨ ᠰᠢᠳᠢ ᠭᠦᠴᠤᠨ ᠲᠡᠶ ᠭᠡᠵᠤ ᠢᠳᠡᠭᠡᠨ ᠪᠠᠶ᠎ᠠ ᠳᠤ ᠪᠣᠯᠬᠤ ᠭᠡᠵᠤ ᠪᠠᠢ᠌ᠭ᠎ᠠ ᠬᠤᠤᠷ ᠭᠦᠨᠦᠭᠡᠯ᠂ ᠠᠶᠤᠯ ᠭᠠᠮᠰᠢᠭ᠂ ᠡᠪᠡᠳᠴᠢᠨ ᠳᠠᠬᠤᠤᠯ ᠡᠴᠡ ᠵᠠᠢ᠌ᠯᠠᠭᠤᠯᠬᠤ ᠡᠮᠴᠢᠯᠡᠭᠡᠨ ᠤ ᠭᠡᠯᠪᠠᠷᠢ ᠶᠢᠨ ᠨᠢᠭᠡ ᠵᠣᠢ᠌ᠯ ᠤᠨ ᠠᠵᠢᠯᠯᠠᠭᠠᠨ ᠮᠦᠨ᠃ ᠦᠨᠢᠶ᠎ᠡ ᠶᠢᠨ ᠳᠠᠯᠠᠩ ᠬᠠᠪᠤᠳᠬᠤ ᠶᠢ ᠳᠤᠮ ᠮᠤᠳᠤ ᠪᠠᠷ ᠳᠤᠮᠨᠠᠨ ᠵᠠᠰᠠᠳᠠᠭ᠃ ᠠᠠᠳᠠᠢ ᠳᠤ ᠰᠤᠬᠠᠢ ᠳᠠᠰᠢᠭᠤᠷ ᠶᠢᠡᠷ ᠴᠢᠳᠭᠦᠷ ᠢ ᠴᠤᠭᠢᠨ ᠵᠠᠢ᠌ᠯᠠᠭᠤᠯᠬᠤ ᠳᠤᠮ ᠰᠢᠪᠰᠢᠯᠭᠡ ᠶᠢᠨ ᠵᠠᠩ ᠣᠢ᠌ᠯᠠ ᠪᠠᠢ᠌ᠨ᠎ᠠ᠃ ᠪᠦᠭᠡ ᠮᠦᠷᠭᠦᠯ ᠤᠨ ᠪᠣᠭ ᠳᠠᠷᠤᠯᠭ᠎ᠠ ᠳᠤ ᠮᠦᠨ ᠰᠤᠬᠠᠢ ᠳᠠᠰᠢᠭᠤᠷ ᠭᠡᠷᠡᠭᠯᠡᠨ᠎ᠡ᠃ ᠭᠦᠩᠭᠡᠵᠢᠭᠦ ᠪᠦᠰᠡᠭᠦᠢ ᠪᠠᠷᠭᠡᠳᠡᠪᠠᠯ ᠰᠤᠬᠠᠢ ᠮᠤᠳᠤ ᠶᠢ ᠳᠡᠭᠡᠭᠦᠷ ᠨᠢ ᠡᠷᠭᠢᠭᠦᠯᠭᠦ ᠪᠣᠶᠤ ᠪᠠᠶ᠎ᠠ ᠶᠢ ᠨᠢ ᠵᠥᠭᠡᠯᠡᠨ ᠭᠤᠶᠠᠳᠠᠵᠤ ᠳᠤᠮᠨᠤᠪᠠᠯ ᠬᠡᠦᠬᠡᠳ ᠣᠨᠠᠴᠢᠬᠠᠳᠠᠭ ᠭᠡᠳᠡᠭ᠌᠃ ᠮᠤᠩᠭ᠋ᠤᠯᠴᠤᠳ ᠰᠤᠬᠠᠢ ᠮᠤᠳᠤ ᠪᠠᠷ ᠪᠣᠭᠤᠰ ᠭᠡᠭᠦᠤ᠂ ᠦᠨᠢᠶ᠎ᠡ᠂ ᠨᠤᠬᠠᠢ᠂ ᠭᠠᠬᠠᠢ ᠶᠢ ᠴᠤᠭᠢᠬᠤ ᠶᠢ ᠴᠡᠭᠡᠷᠯᠡᠨ᠎ᠡ᠃ ᠭᠡᠭᠡᠯ ᠠᠯᠳᠠᠨ᠎ᠠ ᠭᠡᠳᠡᠭ᠌᠃ ᠨᠥᠭ᠍ᠴᠢᠭ᠍ᠴᠢ ᠶᠢ ᠭᠠᠷᠭᠠᠬᠤ ᠳᠤ ᠬᠠᠷᠰᠢ ᠴᠠᠭ᠂ ᠬᠠᠷᠰᠢ ᠡᠳᠦᠷ ᠪᠣᠯᠤᠭᠰᠠᠨ ᠴᠤ ᠵᠠᠪᠠᠯ ᠭᠠᠷᠭᠠᠬᠤ ᠴᠢᠬᠤᠯᠠᠳᠠᠢ ᠪᠣᠯᠤᠭᠰᠠᠨ ᠪᠣᠯ ᠰᠤᠬᠠᠢ ᠮᠤᠳᠤ ᠶᠢ ᠠᠪᠰᠠᠨ ᠳ᠋ᠤᠨᠢ ᠭᠢᠵᠤ ᠳᠤᠮ ᠰᠢᠪᠰᠢᠯᠭᠡ ᠭᠢᠭᠡᠳ ᠬᠡᠦᠬᠡᠳ ᠦᠷ᠎ᠡ ᠠᠴᠢ ᠶᠢ ᠨᠢ ᠠᠶᠤᠯ ᠪᠠᠷᠴᠢᠳ ᠡᠴᠡ ᠨᠢ ᠵᠠᠢ᠌ᠯᠠᠭᠤᠯᠳᠠᠭ ᠣᠴᠢᠷ ᠲᠡᠶ᠃ 《ᠭᠩᠭ᠋ᠠ》 ᠭᠡᠳᠡᠭ᠌ ᠨᠤᠮ ᠳᠤ 《ᠭᠢᠶ᠎ᠠ ︕ ᠰᠤᠬᠠᠢ ᠮᠤᠳᠤᠨ ᠡᠰᠢᠳᠡᠢ ᠰᠤᠷ ᠭᠦᠷᠦᠮᠡᠯ ᠳᠠᠰᠢᠭᠤᠷ ᠶᠢᠡᠷ ᠰᠢᠪᠳᠤ ᠰᠢᠪᠳᠤ ᠳᠠᠯᠠᠳᠤᠨᠠᠮ᠃ ᠰᠤᠷᠠᠭ ᠦᠭᠡᠶ ᠭᠩᠭ᠋ᠡᠯᠡᠨᠡᠮ》 ᠭᠡᠵᠤ ᠰᠤᠬᠠᠢ ᠳᠠᠰᠢᠭᠤᠷ ᠶᠢᠡᠷ ᠡᠪᠡᠳᠴᠢᠳᠡᠨ ᠢ ᠰᠢᠪᠬᠠᠳᠠᠵᠤ᠂ ᠭᠠᠩᠭ᠋᠎ᠠ ᠶᠢᠨ ᠨᠤᠮ ᠶᠢᠡᠨ ᠣᠩᠰᠢᠵᠤ᠂ ᠴᠢᠳᠭᠦᠷ ᠢ ᠵᠠᠢ᠌ᠯᠠᠭᠤᠯᠵᠤ ᠠᠷᠢᠯᠭᠠᠵᠤ ᠪᠠᠢ᠌ᠬᠤ ᠰᠢᠭ ᠠᠪᠣᠷᠢᠯᠠᠳᠠᠭ᠃ ᠡᠭᠦᠨ ᠡᠴᠡ ᠦᠵᠡᠪᠠᠯ᠂ ᠰᠤᠬᠠᠢ ᠮᠤᠳᠤᠨ ᠳᠠᠰᠢᠭᠤᠷ ᠨᠢ ᠪᠦᠭᠡ ᠨᠡᠷ ᠤᠨ ᠴᠢᠳᠭᠦᠷ ᠴᠤᠭᠢᠬᠤ ᠳᠠᠰᠢᠭᠤᠷ ᠪᠣᠯᠤᠨ᠎ᠠ᠃
16 ᠳ᠋ᠤᠭᠠᠷ ᠵᠠᠭᠤᠨ ᠤ ᠳᠤᠮᠳᠠᠴᠢ ᠦᠶ᠎ᠡ ᠪᠠᠷ ᠰᠢᠷ᠎ᠠ ᠶᠢᠨ ᠱᠠᠰᠢᠨ ᠨᠢ ᠪᠦᠭᠦ ᠮᠤᠩᠭ᠋ᠤᠯ ᠣᠷᠤᠨ ᠳᠤ ᠳᠡᠯᠭᠡᠷᠡᠭ᠍ᠰᠡᠨ ᠶᠤᠮ᠃ ᠳᠤᠬᠠᠢ ᠶᠢᠨ ᠦᠶ᠎ᠡ ᠳᠤ ᠵᠡᠭᠦᠨ ᠮᠤᠩᠭ᠋ᠤᠯ ᠳᠤ ᠳᠠᠮᠠᠢ ᠨᠥᠯᠦᠭᠡ ᠦᠭᠡᠶ ᠪᠠᠢ᠌ᠭᠰᠠᠨ ᠪᠣᠯᠪᠠᠴᠤ ᠬᠤᠵᠢᠮ ᠨᠢ ᠨᠠᠢ᠌ᠴᠢ ᠳᠣᠢ᠌ᠨ ᠬᠤᠳᠤᠭᠳᠤ ᠡᠴᠡ ᠵᠡᠭᠦᠨ ᠮᠤᠩᠭ᠋ᠤᠯ ᠣᠷᠤᠨ ᠶᠢᠡᠷ ᠰᠢᠷ᠎ᠠ ᠶᠢᠨ ᠱᠠᠰᠢᠨ ᠢ ᠶᠡᠭᠡᠪᠠᠷ ᠳᠡᠯᠭᠡᠷᠡᠭᠦᠯᠵᠤ ᠶᠠᠪᠣᠭᠰᠠᠨ ᠪᠦᠭᠡᠳ ᠮᠠᠠᠵᠤ ᠶᠢᠨ ᠬᠠᠭᠠᠨ ᠤ ᠵᠦᠪᠰᠢᠶᠠᠷᠠᠯ ᠢ ᠣᠯᠤᠭᠰᠠᠨ ᠤ ᠳᠡᠭᠡᠷ᠎ᠡ ᠪᠠᠰᠠ ᠰᠢᠷ᠎ᠠ ᠶᠢᠨ ᠱᠠᠰᠢᠨ ᠤ ᠲᠦᠪᠡᠳ ᠣᠩᠰᠢᠯᠭ᠎ᠠ ᠶᠢᠨ ᠨᠤᠮ ᠡᠴᠡ ᠮᠤᠩᠭ᠋ᠤᠯ ᠣᠩᠰᠢᠯᠭ᠎ᠠ ᠶᠢᠨ ᠨᠤᠮ ᠡᠭᠦᠳᠦᠭ᠍ᠰᠡᠨ ᠨᠢ ᠰᠢᠷ᠎ᠠ ᠶᠢᠨ ᠱᠠᠰᠢᠨ ᠤ ᠵᠡᠭᠦᠨ ᠮᠤᠩᠭ᠋ᠤᠯ ᠣᠷᠤᠨ ᠶᠢᠡᠷ ᠳᠦᠷᠭᠡᠨ ᠳᠡᠯᠭᠡᠷᠡᠭᠦ ᠳᠤ ᠨᠡᠩ ᠶᠡᠭᠡ ᠲᠦᠯᠭᠢᠴᠠ ᠣᠢ᠌ᠯᠠᠳᠤᠯ ᠥᠵᠡᠭᠦᠯᠦᠭ᠍ᠰᠡᠨ ᠪᠠᠢ᠌ᠨ᠎ᠠ᠃ ᠣᠠᠴᠠᠯᠠᠨ ᠳᠤᠷᠠᠳᠤᠭᠤᠰᠢᠳᠠᠢ ᠨᠢ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠳᠤ ᠪᠠᠢ᠌ᠭ᠎ᠠ 《ᠪᠠᠶᠠᠠᠬᠤᠰᠢᠭᠤ ᠰᠦᠮ᠎ᠡ》 ᠪᠠᠰᠠ ᠨᠤᠨ ᠠᠷᠪᠠᠨ ᠬᠤᠰᠢᠭᠤᠨ ᠤ ᠶᠡᠭᠡ ᠰᠦᠮ᠎ᠡ ᠭᠡᠳᠡᠭ᠌ ᠪᠠ ᠵᠠᠷᠤᠳ ᠤᠨ 《ᠭᠡᠭᠡᠨ ᠰᠦᠮ᠎ᠡ》 ᠵᠡᠷᠭᠡ ᠳᠤ ᠭᠦᠷᠴᠤ ᠲᠦᠪᠡᠳ ᠨᠤᠮ ᠤᠨ ᠮᠤᠩᠭ᠋ᠤᠯ ᠣᠩᠰᠢᠯᠭ᠎ᠠ ᠶᠢ ᠳᠠᠷᠬᠠᠭᠠᠭᠰᠠᠨ ᠪᠠᠢ᠌ᠨ᠎ᠠ᠃ ᠳᠠᠷᠠ ᠪᠠᠰᠠ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠮᠠᠯᠴᠢᠨ ᠰᠤᠮᠤᠨ ᠳᠤ ᠪᠠᠢ᠌ᠭ᠎ᠠ 《ᠣᠶᠤᠨ ᠳᠡᠭᠦᠯᠳᠡᠷ ᠰᠦᠮ᠎ᠡ》 ᠬᠤᠵᠢᠮ ᠨᠢ 1800 ᠣᠨ ᠤ ᠣᠷᠴᠢᠮ ᠶᠢᠡᠷ ᠮᠠᠠᠵᠤ ᠭᠦᠷᠤᠨ ᠤ ᠰᠠᠢ᠌ᠰᠢᠶᠠᠯᠳᠤ ᠢᠷᠦᠭᠡᠯᠳᠤ ᠬᠠᠭᠠᠨ ᠡᠴᠡ ᠢᠩᠭᠢᠵᠤ ᠨᠡᠷᠡᠯᠡᠭ᠍ᠰᠡᠨ ᠢ 1648 ᠣᠨ ᠳᠤ 《ᠴᠠᠭᠯᠠᠰᠢ ᠦᠭᠡᠶ ᠪᠠᠶᠠᠰᠬᠤᠯᠠᠩᠳᠤ ᠪᠣᠶᠠᠨ ᠴᠤᠭᠯᠠᠷᠠᠬᠤ ᠰᠥᠮ᠎ᠡ》 ᠭᠡᠭᠦ ᠨᠠᠷᠠ ᠰᠤᠶᠤᠷᠬᠠᠭᠰᠠᠨ ᠮᠠᠳᠤ ᠶᠢᠨ ᠠᠵᠢᠯᠯᠠᠭ᠎ᠠ ᠨᠢ ᠪᠦᠷ ᠰᠢᠷ᠎ᠠ ᠶᠢᠨ ᠱᠠᠰᠢᠨ ᠤ ᠬᠤᠷᠴᠢᠨ ᠮᠤᠩᠭ᠋ᠤᠯ ᠣᠷᠤᠨ ᠤ ᠠᠷᠠᠤᠨ ᠢᠷᠭᠡᠳ ᠤᠨ ᠳᠤᠮᠳᠠ ᠦᠷᠭᠡᠨ ᠶᠢᠡᠷ ᠳᠠᠷᠬᠠᠬᠤ ᠳᠤ ᠴᠢᠬᠤᠯᠠ ᠨᠥᠯᠦᠭᠡ ᠥᠵᠡᠭᠦᠯᠵᠡᠢ᠃ ᠭᠡᠯᠡᠯᠭᠡᠨ ᠦᠭᠡᠶ ᠰᠢᠷ᠎ᠠ ᠶᠢᠨ ᠱᠠᠰᠢᠨ ᠤ ᠵᠡᠭᠦᠨ ᠮᠤᠩᠭ᠋ᠤᠯ ᠣᠷᠤᠨ ᠳᠤ ᠳᠡᠯᠭᠡᠷᠡᠵᠤ ᠳᠠᠷᠬᠠᠬᠤ ᠨᠢ ᠳᠠᠢ᠌ᠮᠤ ᠭᠢᠯᠪᠠᠷᠬᠠᠨ ᠶᠠᠪᠣᠳᠠᠯ ᠪᠢᠰᠢ ᠶᠤᠮ᠃ ᠳᠠᠷᠤᠢ ᠮᠤᠩᠭ᠋ᠤᠯᠴᠤᠳ ᠤᠨ ᠢᠵᠠᠭᠤᠷ ᠱᠠᠰᠢᠨ ᠪᠣᠯᠬᠤ ᠪᠦᠭᠡ ᠶᠢᠨ ᠱᠠᠰᠢᠨ ᠤ ᠭᠦᠴᠦᠳᠡᠢ ᠡᠰᠡᠷᠭᠦᠴᠡᠯ ᠳᠤ ᠣᠴᠠᠷᠠᠭᠰᠠᠨ ᠪᠢᠯᠠ᠃ ᠨᠠᠢ᠌ᠴᠢ ᠳᠣᠢ᠌ᠨ ᠪᠠ ᠳᠡᠭᠦᠨ ᠤ ᠱᠠᠪᠢᠨᠠᠷ ᠮᠠᠠᠵᠤ ᠶᠢᠨ ᠬᠠᠭᠠᠨ᠂ ᠮᠤᠩᠭ᠋ᠤᠯ ᠤᠨ ᠢᠵᠠᠭᠤᠷᠳᠠᠨ ᠳᠡᠭᠡᠳᠤ ᠳᠠᠪᠬᠤᠷᠭᠠᠳᠠᠨ ᠤ ᠰᠢᠭᠤᠳ ᠳᠡᠮᠵᠢᠯᠭᠡ ᠶᠢᠨ ᠳᠤᠤᠷ᠎ᠠ ᠰᠢᠷᠦᠭᠦᠨ ᠳᠠᠷᠤᠩᠭ᠋ᠣᠢ᠌ᠯᠠᠯ ᠶᠠᠪᠣᠭᠤᠯᠤᠭᠰᠠᠨ ᠪᠣᠯᠪᠠᠴᠤ ᠲᠤᠢ᠌ᠯᠪᠣᠷᠢᠳᠠᠢ ᠣᠰᠠᠳᠬᠠᠵᠤ ᠳᠡᠢ᠌ᠯᠭᠦ ᠦᠭᠡᠶ ᠪᠣᠯᠬᠤ ᠳᠤ ᠪᠠᠨ ᠡᠴᠦᠰ ᠲᠤ ᠪᠠᠨ ᠡᠪᠰᠡᠨ ᠣᠶᠠᠯᠳᠤᠬᠤ ᠠᠷᠭ᠎ᠠ ᠶᠢ ᠭᠡᠷᠡᠭᠯᠡᠵᠤ ᠪᠦᠭᠡ ᠶᠢᠨ ᠱᠠᠰᠢᠨ ᠤ ᠪᠠᠭ᠎ᠠ ᠪᠣᠰᠤ ᠶᠢᠨ ᠠᠭᠤᠯᠭ᠎ᠠ ᠪᠣᠯᠤᠨ ᠵᠠᠩ ᠣᠢ᠌ᠯᠠ ᠶᠢ ᠭᠦᠯᠢᠶᠡᠨ ᠠᠪᠣᠭᠰᠠᠨ ᠪᠣᠶᠤ ᠰᠢᠩᠭᠡᠭᠡᠨ ᠠᠪᠴᠠᠢ᠃ ᠡᠨᠡ ᠦᠶ᠎ᠡ ᠳᠤ ᠮᠦᠨ ᠪᠦᠭᠡ ᠶᠢᠨ ᠱᠠᠰᠢᠨ ᠤ ᠳᠤᠳᠤᠭᠠᠳᠤ ᠴᠤ ᠵᠠᠳᠠᠷᠠᠯ ᠡᠭᠦᠰᠴᠤ ᠬᠠᠷ᠎ᠠ ᠵᠥᠭ᠌ ᠤᠨ ᠪᠦᠭᠡ ᠪᠠ ᠴᠠᠭᠠᠨ ᠵᠥᠭ᠌ ᠤᠨ ᠪᠦᠭᠡ ᠭᠡᠵᠤ ᠬᠤᠶᠠᠷ ᠰᠠᠯᠠᠭᠠᠯᠠᠨ᠂ ᠰᠢᠷ᠎ᠠ ᠶᠢᠨ ᠱᠠᠰᠢᠨ ᠢ ᠭᠦᠯᠢᠶᠡᠨ ᠠᠪᠣᠭᠰᠠᠨ ᠨᠢ ᠴᠠᠭᠠᠨ ᠵᠥᠭ᠌ ᠤᠨ ᠪᠦᠭᠡ ᠭᠡᠵᠤ᠂ ᠦᠪᠡᠷ ᠤᠨ ᠣᠤᠯ ᠤᠨ ᠶᠤᠰᠤ ᠭᠤᠷᠢᠮ ᠶᠢᠡᠨ ᠴᠢᠩᠭ᠋᠎ᠠ ᠪᠠᠷᠢᠮᠳᠠᠯᠠᠵᠤ ᠪᠠᠭᠤᠵᠤ ᠦᠭᠭᠦᠭ᠍ᠰᠡᠨ ᠦᠭᠡᠶ ᠪᠦᠭᠡ ᠶᠢ ᠬᠠᠷ᠎ᠠ ᠵᠥᠭ᠌ ᠤᠨ ᠪᠦᠭᠡ ᠭᠡᠵᠡᠢ᠃ ᠪᠦᠭᠡ ᠶᠢᠨ ᠱᠠᠰᠢᠨ ᠨᠢ ᠴᠤ ᠦᠪᠡᠷ ᠢ ᠪᠠᠨ ᠬᠠᠮᠠᠭᠠᠯᠠᠬᠤ ᠶᠢᠨ ᠲᠦᠯᠦᠭᠡ ᠰᠢᠷ᠎ᠠ ᠶᠢᠨ ᠱᠠᠰᠢᠨ ᠤ ᠵᠠᠷᠢᠮ ᠣᠢ᠌ᠯᠠ ᠠᠵᠢᠯᠯᠠᠭ᠎ᠠ᠂ ᠥᠭᠡ ᠥᠭᠦᠯᠡᠪᠦᠷᠢ ᠪᠠᠷ ᠰᠠᠨᠠᠭᠠᠴᠢᠯᠠᠭ᠎ᠠ ᠲᠡᠶ ᠪᠠᠷ ᠦᠪᠡᠷ ᠢ ᠪᠠᠨ ᠴᠢᠮᠠᠵᠤ᠂ ᠶᠠᠪᠣᠭ᠎ᠠ ᠶᠠᠪᠣᠭᠠᠨ ᠳᠤ ᠪᠠᠨ ᠰᠢᠷ᠎ᠠ ᠶᠢᠨ ᠱᠠᠰᠢᠨ ᠲᠡᠶ ᠣᠶᠠᠯᠳᠤᠬᠤ ᠳᠤ ᠭᠦᠷᠴᠡᠢ᠃ ᠣᠠᠴᠠᠭᠠᠢ᠌ᠯᠠᠨ ᠵᠡᠭᠦᠨ ᠮᠤᠩᠭ᠋ᠤᠯ ᠤᠨ ᠭᠦᠳᠡᠭᠡ ᠨᠤᠳᠤᠭ ᠶᠢᠡᠷ ᠬᠤᠶᠠᠷ ᠶᠠᠩᠵᠤ ᠶᠢᠨ ᠪᠦᠭᠡ ᠵᠡᠷᠭᠡᠪᠠᠷ ᠣᠷᠤᠰᠢᠵᠤ ᠪᠠᠢ᠌ᠭᠰᠠᠨ ᠪᠦᠭᠡᠳ ᠴᠤᠯᠤ ᠪᠦᠭᠡ ᠨᠢ ᠴᠤ ᠣᠳᠤ ᠪᠣᠯᠳᠠᠯ᠎ᠠ ᠪᠦᠭᠡ ᠢᠳᠤᠭᠠᠨ ᠤ ᠠᠵᠢᠯᠯᠠᠭ᠎ᠠ ᠪᠠᠨ ᠭᠢᠭ᠍ᠰᠡᠭᠡᠷ ᠪᠠᠢ᠌ᠨ᠎ᠠ᠃ ᠬᠤᠷᠴᠢᠨ ᠠᠷᠠᠤᠨ ᠤᠨ ᠳᠠᠭᠤᠤ 《ᠬᠠᠨ ᠰᠢᠤ ᠶᠢᠩ》 ᠳ᠋ᠤ ᠭᠠᠷᠳᠠᠭ ᠳᠤᠭᠠᠷᠵᠠᠪ ᠭᠡᠳᠡᠭ᠌ ᠭᠦᠮᠤᠨ ᠪᠣᠯ ᠳᠠᠷᠤᠢ ᠴᠠᠭᠠᠨ ᠵᠥᠭ᠌ ᠤᠨ ᠪᠦᠭᠡ ᠶᠢᠨ ᠬᠤᠪᠢᠯᠪᠣᠷᠢ ᠮᠦᠨ᠃ ᠬᠤᠷᠴᠢᠨ ᠮᠤᠩᠭ᠋ᠤᠯᠴᠤᠳ ᠡᠨᠡᠭᠦ ᠰᠢᠳᠦᠭᠡᠨ ᠪᠠᠭᠤᠵᠤ᠂ ᠲᠦᠯᠭᠡ ᠦᠵᠡᠨ᠂ ᠡᠪᠡᠳᠴᠢᠨ ᠵᠠᠰᠠᠬᠤ ᠴᠠᠭᠠᠨ ᠵᠥᠭ᠌ ᠤᠨ ᠪᠦᠭᠡ ᠶᠢ 《ᠯᠠᠢ᠌ᠴᠢᠩ》 ᠭᠡᠳᠡᠭ᠌᠃
ᠳᠡᠭᠡᠷᠡᠭᠢ ᠥᠭᠦᠯᠡᠯ ᠡᠴᠡ ᠦᠵᠡᠪᠠᠯ᠂ ᠨᠤᠨ ᠬᠤᠷᠴᠢᠨ ᠮᠤᠩᠭ᠋ᠤᠯᠴᠤᠳ ᠤᠨ ᠠᠮᠢᠳᠤᠷᠠᠯ᠂ ᠵᠠᠩ ᠳᠠᠳᠬᠠᠯ ᠳᠤ ᠪᠦᠭᠡ ᠶᠢᠨ ᠱᠠᠰᠢᠨ ᠪᠠ ᠰᠢᠷ᠎ᠠ ᠶᠢᠨ ᠱᠠᠰᠢᠨ ᠤ ᠣᠶᠠᠯᠳᠤᠭᠰᠠᠨ ᠪᠦᠳᠦᠭᠡᠭ᠍ᠳᠡᠭᠦᠨ ᠣᠯᠠᠨ ᠪᠠᠢ᠌ᠬᠤ ᠶᠢ ᠪᠢᠳᠠ ᠳᠤᠳᠤᠷᠬᠠᠢ ᠣᠯᠵᠤ ᠬᠠᠷᠠᠭᠰᠠᠨ ᠪᠠᠢ᠌ᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 ᠮᠠᠳᠤ ᠶᠢᠨ ᠠᠯᠢ ᠣᠯᠠᠨ ᠳᠡᠦᠭᠡᠨ ᠳᠤᠯᠭᠤᠷ ᠪᠢᠴᠢᠭ᠌ ᠲᠤ 《ᠳᠡᠪᠰᠡᠭᠦ ᠰᠠᠭᠯᠠᠭᠠᠷ ᠮᠤᠳᠤᠨ ᠤ ᠢᠵᠠᠭᠤᠷ ᠡᠴᠡ》᠂ 《ᠳᠡᠪᠰᠡᠭᠦ ᠰᠠᠭᠯᠠᠭᠠᠷ ᠮᠤᠳᠤᠨ ᠤ ᠥᠵᠦᠭᠦᠷ ᠡᠴᠡ》᠂ 《ᠳᠡᠪᠰᠡᠭᠦ ᠰᠠᠭᠯᠠᠭᠠᠷ ᠮᠦᠳᠤ》 ᠭᠡᠵᠤ ᠳᠤᠷᠠᠳᠤᠭᠳᠠᠨ ᠰᠢᠳᠦᠭ᠍ᠳᠡᠵᠤ ᠪᠠᠢ᠌ᠭᠰᠠᠨ ᠤ ᠳᠡᠦᠭᠡᠨ ᠣᠯᠪᠠᠭ᠎ᠠ ᠨᠢ ᠨᠤᠨ ᠬᠤᠷᠴᠢᠨ ᠮᠤᠩᠭ᠋ᠤᠯᠴᠤᠳ ᠲᠤ 《ᠱᠠᠩᠰᠢ ᠶᠢᠨ ᠮᠤᠳᠤ》᠂ 《ᠮᠠᠨᠢ ᠶᠢᠨ ᠮᠤᠳᠤ》 ᠶ᠋ᠢᠨ ᠰᠢᠳᠦᠯᠭᠡ ᠪᠣᠯᠵᠤ ᠣᠯᠠᠮᠵᠢᠯᠠᠭᠳᠠᠵᠠᠢ᠃ ᠣᠳᠤ ᠶᠢᠨ ᠨᠤᠨ ᠬᠤᠷᠴᠢᠨ ᠮᠤᠩᠭ᠋ᠤᠯᠴᠤᠳ ᠤᠨ 《ᠱᠠᠩᠰᠢ ᠶᠢᠨ ᠮᠤᠳᠤ》᠂ 《ᠮᠠᠨᠢ ᠶᠢᠨ ᠮᠤᠳᠤ》 ᠶ᠋ᠢᠨ ᠰᠢᠳᠦᠯᠭᠡ ᠨᠢ ᠶᠤᠰᠤᠳᠠᠢ ᠣᠵᠠᠭᠤᠷ ᠰᠢᠳᠦᠭᠡᠨ ᠪᠦᠭᠡ ᠶᠢᠨ ᠱᠠᠰᠢᠨ ᠤ ᠦᠵᠡᠯᠳᠠ ᠰᠤᠷᠳᠠᠯ᠂ ᠣᠢ᠌ᠯᠠ ᠠᠵᠢᠯᠯᠠᠭ᠎ᠠ ᠪᠠᠨ ᠰᠢᠷ᠎ᠠ ᠶᠢᠨ ᠱᠠᠰᠢᠨ ᠶᠢᠡᠷ ᠥᠩᠭᠡᠯᠡᠵᠤ ᠴᠢᠮᠡᠭ᠍ᠰᠡᠨ ᠪᠣᠯᠬᠤ ᠨᠢ ᠳᠤᠳᠤᠷᠬᠠᠢ ᠬᠠᠷᠠᠭᠳᠠᠨ᠎ᠠ᠃ ᠳᠡᠭᠡᠷ᠎ᠡ ᠳᠤᠷᠠᠳᠤᠭᠰᠠᠨ ᠳᠠᠷᠬᠠᠨ ᠬᠤᠰᠢᠭᠤᠨ ᠤ ᠬᠤᠸᠬᠤᠰᠢᠭᠤ ᠰᠤᠮᠤ ᠶᠢᠨ ᠳ᠋ᠠ ᠾᠦᠸᠧ ᠫᠠᠩ ᠠᠢ᠌ᠯ ᠤᠨ ᠰᠢᠳᠦᠭᠡᠨ ᠳᠠᠭᠢᠯᠭ᠎ᠠ ᠶᠢᠨ 《ᠱᠠᠩᠰᠢ ᠶᠢᠨ ᠮᠤᠳᠤ》 ᠪᠠᠷ ᠵᠢᠱᠢᠶᠠᠯᠠᠵᠤ ᠭᠡᠯᠡᠭ᠍ᠰᠡᠨ ᠴᠤ ᠪᠦᠭᠡ ᠶᠢᠨ ᠱᠠᠰᠢᠨ ᠡᠴᠡ ᠡᠭᠦᠰᠦᠯᠳᠡᠢ ᠮᠤᠳᠤᠨ ᠰᠢᠳᠦᠯᠭᠡ ᠨᠢ ᠰᠢᠷ᠎ᠠ ᠶᠢᠨ ᠱᠠᠰᠢᠨ ᠢ ᠭᠦᠯᠢᠶᠡᠨ ᠠᠪᠴᠤ ᠣᠶᠠᠯᠳᠤᠭᠰᠠᠨ ᠤ ᠳᠠᠷᠠᠭ᠎ᠠ ᠪᠠᠷ ᠣᠤᠯ ᠤᠨ ᠰᠢᠳᠦᠯᠭᠡ ᠮᠤᠳᠤ ᠪᠠᠨ ᠰᠢᠳᠦᠭᠦ ᠪᠠᠷ ᠪᠠᠷᠠᠬᠤ ᠦᠭᠡᠶ ᠪᠠᠰᠠ ᠳᠡᠭᠡᠷ᠎ᠡ ᠨᠢ ᠵᠢᠵᠢᠭ᠌ ᠵᠢᠵᠢᠭ᠌ ᠠᠯᠳᠠᠨ ᠪᠣᠷᠬᠠᠨ᠂ ᠭᠠᠤᠯᠢᠨ ᠪᠣᠷᠬᠠᠨ᠂ ᠮᠥᠩᠭᠦᠨ ᠪᠣᠷᠬᠠᠨ ᠡᠯᠭᠦᠵᠤ ᠳᠠᠯᠪᠢᠳᠠᠭ ᠪᠣᠯᠤᠭᠰᠠᠨ ᠨᠢ ᠬᠤᠶᠠᠷ ᠱᠠᠰᠢᠨ ᠤ ᠬᠤᠯᠢᠮᠠᠭ ᠰᠤᠶᠤᠯ ᠤᠨ ᠪᠦᠳᠦᠭᠡᠭ᠍ᠳᠡᠭᠦᠨ ᠪᠣᠯᠬᠤ ᠨᠢ ᠢᠯᠡᠭᠡᠨ ᠪᠠᠢ᠌ᠨ᠎ᠠ᠃ ᠳᠤᠰ ᠠᠢ᠌ᠯ ᠤᠨ ᠣᠭ ᠰᠠᠭᠤᠭᠠᠯᠢ ᠠᠷᠠᠤᠨ ᠨᠠᠰᠤᠨ ᠰᠡᠭᠦᠳᠡᠷ ᠨᠠᠶᠠᠨ ᠤ ᠳᠠᠪᠠᠭ᠎ᠠ ᠶᠢ ᠳᠠᠪᠠᠵᠤ ᠶᠠᠪᠣᠭ᠎ᠠ ᠬᠠᠰᠪᠠᠭᠠᠨ᠎ᠠ᠂ ᠴᠢᠮᠠᠳᠮᠠ ᠡᠷ᠎ᠡ ᠡᠮ᠎ᠡ ᠬᠤᠶᠠᠷ ᠪᠠᠭᠰᠢᠳᠠᠨ ᠡᠴᠡ ᠠᠰᠠᠭᠤᠬᠤ ᠳᠤ᠂ ᠳᠠᠳᠠᠨᠤᠰ ᠢ ᠪᠠᠭ᠎ᠠ ᠨᠠᠰᠤᠨ ᠤ ᠦᠶ᠎ᠡ ᠳᠤ ᠳᠠᠷᠤᠢ ᠳᠠᠭᠢᠵᠤ ᠪᠠᠢ᠌ᠭᠰᠠᠨ ᠭᠡᠵᠤ ᠭᠡᠯᠡᠭᠦ ᠪᠠᠷ ᠨᠢ ᠡᠨᠡ ᠮᠤᠳᠤ ᠵᠠᠭᠤ ᠢᠯᠡᠭᠦᠤ ᠣᠨ ᠪᠣᠯᠵᠤ ᠪᠠᠢ᠌ᠭ᠎ᠠ ᠶᠤᠮ ᠪᠠᠢ᠌ᠨ᠎ᠠ᠃ ᠳᠠᠳᠠᠨ ᠤ ᠬᠠᠭᠤᠴᠢᠯᠠᠬᠤ ᠪᠠᠷ᠂ ᠱᠠᠩᠰᠢ ᠶᠢᠨ ᠮᠤᠳᠤ ᠪᠠᠨ ᠳᠠᠭᠢᠬᠤ ᠳᠤ ᠪᠠᠨ ᠣᠤᠯ ᠨᠢ ᠬᠤᠷᠴᠢᠨ ᠮᠤᠩᠭ᠋ᠤᠯᠴᠤᠳ ᠵᠢᠯ ᠪᠦᠷᠢ ᠶᠢᠨ 5 ᠰᠠᠷ᠎ᠠ ᠶᠢᠨ 13 ᠊ᠤ ᠡᠳᠦᠷ ᠲᠤ ᠰᠢᠳᠦᠭᠡᠨ ᠮᠤᠳᠤ ᠪᠠᠨ ᠳᠠᠭᠢᠳᠠᠭ ᠡᠴᠡ ᠭᠠᠳᠠᠨ᠎ᠠ ᠭᠠᠩ ᠬᠠᠭᠰᠠᠷᠭᠠᠨ ᠪᠣᠯᠬᠤ᠂ ᠮᠠᠯ ᠤᠨ ᠭᠢᠵᠢᠭ᠌ ᠪᠣᠯᠬᠤ᠂ ᠳᠠᠷᠢᠶ᠎ᠠ ᠬᠤᠷᠤᠬᠠᠢ᠌ᠳᠠᠬᠤ᠂ ᠨᠠᠢ᠌ᠨᠠᠢ ᠶᠢᠨ ᠪᠣᠤᠪᠣ ᠬᠠᠶᠠᠬᠤ ᠵᠡᠷᠭᠡ ᠶᠢᠨ ᠣᠴᠠᠷᠠᠯ ᠲᠤᠬᠢᠶᠠᠯ ᠳᠤ ᠪᠦᠷ ᠱᠠᠩᠰᠢ ᠶᠢᠨ ᠮᠤᠳᠤ ᠪᠠᠨ ᠳᠠᠭᠢᠨ᠎ᠠ᠃ ᠳᠠᠭᠢᠯᠭ᠎ᠠ ᠶᠢᠨ ᠮᠤᠳᠤᠨ ᠤ ᠪᠠᠨ ᠡᠮᠦᠨ᠎ᠡ ᠳᠦᠷᠪᠠᠯᠵᠢᠨ ᠴᠢᠯᠠᠭᠤᠨ ᠶᠡᠠᠳᠠᠷ ᠵᠠᠰᠠᠬᠤ ᠪᠣᠶᠤ ᠮᠤᠳᠤᠨ ᠰᠢᠷᠡᠭᠡ ᠳᠠᠯᠪᠢᠵᠤ᠂ ᠢᠳᠡᠭᠡᠨ ᠤ ᠳᠡᠭᠡᠵᠢ ᠳᠠᠭᠢᠯᠭ᠎ᠠ ᠶᠢᠨ ᠢᠳᠡᠭᠡ ᠰᠢᠭᠦᠰᠤ᠂ ᠮᠢᠬ᠎ᠠ ᠳᠠᠷᠢᠶ᠎ᠠ᠂ ᠠᠷᠢᠭᠢ ᠳᠠᠷᠠᠰᠤ ᠪᠠᠨ ᠰᠠᠢ᠌ᠬᠠᠨ ᠦᠷᠤᠨ ᠰᠠᠩ ᠳᠠᠯᠪᠢᠬᠤ ᠪᠦᠭᠡᠳ ᠮᠤᠳᠤᠨ ᠤ ᠪᠠᠨ ᠰᠠᠯᠠᠭ᠎ᠠ ᠮᠦᠴᠢᠷ ᠲᠤ ᠥᠩᠭᠡ ᠪᠦᠷᠢ ᠶᠢᠨ ᠳᠤᠷᠭ᠎ᠠ ᠳᠤᠷᠳᠤᠩ ᠤᠨ ᠥᠭᠡᠳᠡᠰᠤ ᠪᠠᠷ ᠯᠠᠪᠠᠷᠢ ᠣᠠᠵᠢᠯᠠᠭ᠎ᠠ ᠪᠣᠯᠭᠠᠨ ᠣᠶᠠᠵᠤ ᠪᠠᠰᠠ ᠰᠠᠮᠪᠠᠢ ᠬᠠᠳᠠᠭ ᠶᠢᠡᠨ ᠡᠯᠭᠦᠭᠡᠳ᠂ ᠭᠡᠢ᠌ᠮᠦᠷᠢ ᠶᠢᠨ ᠳᠠᠷᠴᠤᠭ ᠭᠡᠢ᠌ᠰᠭᠡᠨ᠂ ᠰᠥ᠋ ᠰᠠᠴᠤᠯᠢ ᠪᠠᠨ ᠡᠷᠭᠦᠨ ᠮᠦᠷᠭᠦᠵᠤ᠂ ᠭᠠᠢ ᠭᠠᠮᠰᠢᠭ ᠡᠴᠡ ᠵᠠᠢ᠌ᠯᠠᠭᠤᠯᠤᠨ ᠠᠮᠤᠷ ᠳᠠᠢ᠌ᠪᠣᠩ ᠠᠮᠢᠳᠤᠷᠠᠭᠤᠯᠬᠤ ᠶᠢ ᠭᠦᠰᠡᠨ ᠳᠠᠭᠠᠳᠬᠠᠨ ᠵᠠᠯᠪᠢᠷᠠᠳᠠᠭ᠃ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠪᠠᠯᠭᠠᠰᠤᠨ ᠤ ᠭᠤᠤᠯ ᠪᠠᠭ᠎ᠠ ᠰᠤᠷᠭᠠᠭᠤᠯᠢ ᠶᠢᠨ ᠭᠦᠷᠢᠶᠡᠨ ᠳ᠋ᠠᠭᠢ ᠳᠡᠷᠡᠭᠦ ᠳᠤᠮᠤ ᠰᠠᠭᠯᠠᠭᠠᠷ ᠣᠳᠠ ᠶᠢᠨ ᠣᠠᠵᠠᠢ᠌ᠵᠤ ᠯᠠᠪᠳᠠᠢ᠌ᠭᠰᠠᠨ ᠰᠠᠯᠠᠭ᠎ᠠ ᠨᠠᠮᠠᠭ᠎ᠠ ᠨᠢ ᠣᠳᠠᠭᠠᠨ ᠣᠨ ᠪᠣᠯᠤᠭᠰᠠᠨ ᠰᠢᠠᠵᠢ ᠳᠦᠷᠭᠦ ᠪᠠᠨ ᠭᠦᠢᠴᠡᠳ ᠢᠯᠡᠷᠡᠭᠦᠯᠵᠤ ᠪᠠᠢ᠌ᠳᠠᠭ᠃ ᠣᠤᠯ ᠨᠢ ᠡᠨᠡ ᠮᠤᠳᠤᠨ ᠤ ᠡᠮᠦᠨᠡᠰᠢ ᠬᠠᠠᠳᠤᠨ ᠣᠷᠭᠤᠭᠰᠠᠨ ᠨᠢᠭᠡ ᠰᠠᠯᠠᠭ᠎ᠠ ᠨᠢ ᠳᠡᠭ᠍ᠰᠢ ᠣᠷᠣᠢ᠌ᠳᠤ ᠠᠵᠢᠯᠯᠠᠬᠤ ᠭᠡᠷ ᠢ ᠪᠣᠰᠤᠭ᠎ᠠ ᠣᠷᠤᠢ ᠲᠡᠶ ᠪᠣᠯᠭᠠᠨ ᠵᠠᠰᠠᠬᠤ ᠶᠢ ᠬᠠᠷᠰᠢᠯᠠᠵᠠᠢ᠃ ᠳᠡᠭᠡᠭᠡᠳ ᠠᠷᠤ ᠳᠠᠯ᠎ᠠ ᠶᠢᠨ ᠬᠠᠮᠢᠶᠠᠷᠤᠭᠴᠢ ᠨᠢᠭᠡ ᠳᠠᠷᠤᠭ᠎ᠠ ᠨᠢ ᠮᠤᠳᠤᠴᠢᠨ ᠠᠪᠴᠢᠷᠠᠵᠤ ᠳᠤᠰ ᠮᠤᠳᠤ ᠶᠢ ᠣᠭᠳᠤᠯᠵᠤ ᠣᠨᠠᠭᠠᠬᠤ ᠭᠡᠵᠤ ᠭᠢᠷᠦᠭᠡᠳᠡᠭᠦ ᠳᠤ ᠭᠢᠷᠦᠭᠡ ᠶᠢ ᠨᠢ ᠳᠠᠭᠠᠭᠠᠤᠨ ᠴᠢᠰᠤ ᠭᠠᠷᠤᠭᠰᠠᠨ ᠪᠢᠯᠠ᠃ ᠳᠡᠭᠡᠭᠡᠳ ᠠᠶᠤᠭᠠᠤᠨ ᠣᠨᠠᠭᠠᠭᠰᠠᠨ ᠦᠭᠡᠶ᠃ ᠭᠡᠪᠠᠴᠤ 《ᠭᠡᠳᠥᠢᠪᠠᠷ ᠥᠭᠦᠯ ᠤᠨ ᠶᠠᠯ᠎ᠠ ᠡᠴᠡ ᠨᠢ ᠭᠡᠯᠳᠦᠷᠢᠭᠦᠯᠪᠠᠴᠤ᠂ ᠠᠮᠢᠳᠤ ᠶᠢᠨ ᠶᠠᠯ᠎ᠠ ᠶᠢ ᠨᠢ ᠰᠢ᠌ᠳᠭᠡᠭᠦ ᠭᠡᠷᠡᠭ᠍ᠳᠡᠢ》 ᠭᠡᠰᠡᠨ ᠮᠠᠶᠢᠭᠳᠠᠢ ᠡᠮᠦᠨᠡᠰᠢ ᠬᠠᠠᠳᠤᠭᠰᠠᠨ ᠳᠠᠷᠠ ᠰᠠᠯᠠᠭ᠎ᠠ ᠶᠢ ᠨᠢ ᠣᠭᠳᠤᠯᠵᠤ ᠬᠠᠶᠠᠵᠠᠢ᠃ ᠬᠤᠵᠢᠮ ᠨᠢ ᠳᠠᠷᠠ ᠭᠦᠮᠤᠨ ᠳᠠᠪᠢᠭᠠᠤᠨ ᠨᠠᠰᠤᠳᠠᠢ ᠡᠪᠡᠳᠴᠢᠨ ᠶᠢᠡᠷ ᠨᠠᠰᠤ ᠪᠠᠷᠠᠭᠰᠠᠨ ᠢ ᠨᠤᠳᠤᠭ ᠤᠨ ᠮᠤᠩᠭ᠋ᠤᠯᠴᠤᠳ ᠰᠢᠳᠦᠭᠡᠨ ᠮᠤᠳᠤ ᠲᠡᠶ ᠬᠠᠯᠳᠠᠭᠰᠠᠨ ᠡᠴᠡ ᠵᠠᠭᠤᠷᠮᠠᠭ ᠨᠠᠰᠤᠯᠠᠯ᠎ᠠ ᠭᠡᠯᠴᠡᠨ᠎ᠡ᠃ ᠣᠳᠤ ᠶᠠᠭ ᠵᠢᠭᠠᠨ ᠰᠤᠷᠭᠠᠬᠤ ᠠᠰᠠᠷ ᠤᠨ ᠭᠢᠨᠢ ᠣᠭ ᠲᠤ ᠪᠠᠢ᠌ᠭ᠎ᠠ ᠪᠣᠯᠬᠤᠷ ᠳᠤᠰ ᠠᠰᠠᠷ ᠢ ᠪᠠᠷᠢᠬᠤ ᠦᠶ᠎ᠡ ᠳᠤ ᠰᠠᠭᠤᠷᠢ ᠳᠠᠯᠪᠢᠬᠤ ᠳᠤ ᠯᠠᠪᠳᠠᠢ ᠳᠡᠭᠦᠨ ᠤ ᠦᠨᠳᠦᠰᠦ ᠳᠠᠰᠤᠯᠠᠭᠳᠠᠬᠤ ᠶᠤᠮ᠃ ᠭᠡᠪᠠᠴᠤ ᠠᠰᠠᠷ ᠪᠠᠷᠢᠬᠤ ᠭᠦᠮᠤᠨ ᠳᠤᠰ ᠮᠤᠳᠤ ᠶᠢ ᠣᠨᠠᠭᠠᠭᠰᠠᠨ ᠦᠭᠡᠶ ᠮᠦᠷᠳᠡᠭᠡᠨ ᠬᠠᠷᠢᠨ ᠶᠠᠩᠵᠤ ᠪᠦᠷᠢ ᠶᠢᠨ ᠳᠤᠷᠭ᠎ᠠ ᠳᠤᠷᠳᠤᠩ ᠤᠨ ᠥᠭᠡᠳᠡᠰᠤ ᠪᠦᠰ ᠢ ᠰᠠᠯᠠᠭ᠎ᠠ ᠨᠠᠮᠠᠭᠠᠨ ᠳ᠋ᠤᠨᠢ ᠣᠶᠠᠵᠤ ᠡᠯᠭᠦᠨ ᠢᠳᠡᠭᠡᠨ ᠣᠮᠳᠠᠭᠠᠨ ᠤ ᠳᠡᠭᠡᠵᠢ ᠪᠠᠷ ᠳᠠᠭᠢᠨ ᠳᠠᠢ᠌ᠵᠤ᠂ ᠰᠠᠴᠤᠯᠢ ᠡᠷᠭᠦᠨ ᠨᠠᠮᠠᠠᠴᠢᠯᠠᠭᠠᠤᠨ᠂ ᠲᠦᠮᠡᠨ ᠠᠷᠠᠤᠨ ᠲᠤ ᠳᠤᠰᠠ ᠪᠣᠯᠬᠤ ᠰᠤᠷᠭᠠᠭᠤᠯᠢ ᠶᠢᠨ ᠠᠰᠠᠷ ᠤᠨ ᠰᠠᠭᠤᠷᠢ ᠶᠢ ᠳᠠᠯᠪᠢᠬᠤ ᠳᠤ ᠦᠨᠳᠦᠰᠦ ᠰᠠᠯᠠᠭ᠎ᠠ ᠶᠢ ᠴᠢᠨᠢ ᠳᠠᠰᠤᠯᠵᠤ ᠭᠦᠡᠳᠡᠭ᠍ᠰᠡᠨ ᠢ ᠠᠭᠤᠴᠢᠯᠠᠨᠠᠮ ᠪᠣᠯᠪᠠᠤ ︕ ᠭᠡᠵᠤ ᠰᠥᠰᠦᠭᠯᠡᠨ ᠳᠠᠭᠠᠳᠬᠠᠭᠰᠠᠨ ᠭᠡᠨ᠎ᠡ᠃ ᠪᠠᠰᠠ ᠭᠠᠳᠠᠭᠤᠷ ᠨᠢ ᠱᠣᠢ᠌ᠨᠢ ᠭᠦᠷᠢᠶ᠎ᠡ ᠪᠠᠷᠢᠵᠤ ᠦᠭᠭᠦᠨ ᠣᠰᠤ ᠰᠢᠮ᠎ᠠ ᠶᠢ ᠨᠢ ᠳᠠᠰᠤᠯᠳᠠᠭᠤᠯᠬᠤ ᠦᠭᠡᠶ ᠪᠣᠯᠤᠭᠰᠠᠨ ᠡᠴᠡ ᠣᠳᠤ ᠳᠤᠰ ᠮᠤᠳᠤᠨ ᠤ ᠠᠮᠢᠵᠢᠷᠠᠯ ᠤᠨ ᠡᠷᠴᠢ ᠨᠢ ᠣᠯᠠᠮ ᠨᠡᠮᠡᠭ᠍ᠳᠡᠨ᠂ ᠰᠦᠷ ᠭᠡᠷᠡᠯ ᠨᠢ ᠨᠠᠩ ᠪᠠᠳᠠᠷᠠᠵᠠᠢ᠃
ᠨᠤᠨ ᠬᠤᠷᠴᠢᠨ ᠮᠤᠩᠭ᠋ᠤᠯᠴᠤᠳ ᠨᠥᠭ᠍ᠴᠢᠭ᠍ᠰᠡᠳ ᠶᠢᠡᠨ ᠣᠷᠤᠰᠢᠭᠤᠯᠬᠤ ᠳᠤ ᠪᠠᠨ ᠣᠩᠭ᠋ᠤᠨ ᠣᠪᠣᠭ᠎ᠠ ᠪᠣᠰᠬᠠᠨ᠎ᠠ᠃ ᠡᠨᠡ ᠨᠢ ᠮᠦᠨ ᠪᠦᠭᠡ ᠶᠢᠨ ᠱᠠᠰᠢᠨ ᠤ ᠦᠨᠳᠦᠷ ᠭᠠᠵᠠᠷ ᠣᠪᠣᠭ᠎ᠠ ᠪᠠᠨ ᠪᠣᠰᠬᠠᠳᠠᠭ ᠵᠠᠩᠰᠢᠯ ᠶᠤᠰᠤᠨ ᠤ ᠢᠯᠡᠷᠡᠭᠦᠨ ᠮᠦᠨ᠃ ᠳᠠᠯᠠᠢ᠌ᠭᠴᠢ ᠶᠢ ᠣᠷᠤᠰᠢᠭᠤᠯᠬᠤ ᠳᠤ ᠳᠠᠯᠠᠢ᠌ᠭᠴᠢ ᠶᠢᠨ ᠠᠬᠠᠮᠠᠤᠨ ᠭᠦᠤ ᠨᠢ ᠪᠣᠶᠤ ᠤᠳᠬᠤᠨ ᠭᠦᠤ ᠨᠢ ᠮᠠᠨᠢ ᠶᠢᠨ ᠵᠢᠷᠭᠤᠭᠠᠨ ᠦᠰᠦᠭ᠌ ᠣᠮ ᠮᠠ ᠨᠢ ᠪᠠᠤᠨ ᠮᠠᠢ ᠬᠤᠩ ᠳᠠᠷᠤᠮᠯᠠᠭᠰᠠᠨ ᠳᠦᠷᠪᠠᠯᠵᠢᠨ ᠴᠠᠭᠠᠨ ᠳᠠᠷᠴᠤᠭ ᠡᠯᠭᠦᠭ᠍ᠰᠡᠨ ᠬᠤᠶᠠᠷ ᠮᠸᠲ᠋ᠷ ᠭᠠᠷᠤᠢ ᠦᠨᠳᠦᠷ ᠣᠳᠠ ᠮᠤᠳᠤ ᠶᠢ ᠡᠭᠦᠷᠤᠨ ᠬᠠᠮᠤᠭ ᠡᠮᠦᠨ᠎ᠡ ᠨᠢ ᠵᠠᠮ ᠣᠳᠤᠷᠢᠳᠤᠨ ᠶᠠᠪᠣᠳᠠᠭ᠃ ᠳᠡᠭᠦᠨ ᠤ ᠬᠣᠢ᠌ᠨ᠎ᠠ ᠡᠴᠡ ᠪᠣᠠᠳᠤ ᠬᠤᠷᠯᠤ ᠡᠷᠭᠢᠭᠦᠯᠦᠭ᠍ᠰᠡᠨ ᠨᠢᠭᠡ ᠭᠦᠮᠤᠨ ᠭᠡᠭᠦᠷ ᠠᠴᠢᠶᠠᠯᠠᠭᠰᠠᠨ ᠳᠡᠷᠭᠡ ᠪᠣᠶᠤ ᠶᠠᠰᠤ ᠳᠠᠮᠨᠠᠭᠰᠠᠨ ᠭᠦᠮᠦᠰ ᠤᠨ ᠡᠮᠦᠨ᠎ᠡ ᠳᠡᠷᠭᠡᠨ ᠤ ᠣᠨᠤᠭ᠎ᠠ ᠶᠢᠨ ᠴᠤᠯᠪᠣᠭᠤᠷ ᠢ ᠨᠢ ᠮᠦᠷᠤᠪᠴᠢᠯᠠᠨ ᠭᠦᠳᠦᠯᠵᠤ ᠶᠠᠪᠣᠨ᠎ᠠ᠃ ᠳᠠᠯᠠᠢ᠌ᠭᠴᠢ ᠶᠢ ᠣᠷᠤᠰᠢᠭᠤᠯᠤᠭᠰᠠᠨ ᠤ ᠳᠠᠷᠠᠭ᠎ᠠ ᠣᠩᠭ᠋ᠤᠨ ᠣᠪᠣᠭ᠎ᠠ ᠶᠢᠨ ᠶᠢᠡᠨ ᠠᠷᠤ ᠳᠠᠯ᠎ᠠ ᠳ᠋ᠤᠨᠢ ᠳᠠᠷᠤᠢ ᠠᠪᠰᠠᠨ ᠤ ᠭᠢᠨᠢ ᠳᠤᠯᠤᠭᠠᠢ ᠳᠠᠯ᠎ᠠ ᠶᠢᠨ ᠪᠠᠷᠠᠭᠤᠨ ᠬᠣᠢ᠌ᠳᠤ ᠳᠠᠯ᠎ᠠ ᠳᠤ ᠨᠢ ᠮᠠᠨᠢ ᠶᠢᠨ ᠮᠤᠳᠤ ᠪᠠᠨ ᠪᠣᠯᠠᠵᠤ ᠳᠠᠯᠪᠢᠨ᠎ᠠ᠃ ᠭᠡᠷᠪᠡ ᠡᠨᠡ ᠮᠠᠨᠢ ᠶᠢᠨ ᠮᠤᠳᠤ ᠨᠢ ᠡᠳᠡᠭᠡᠵᠤ ᠣᠷᠭᠤᠳᠠᠭ ᠪᠣᠯ ᠡᠨᠡ ᠳᠠᠯᠠᠢ᠌ᠭᠴᠢ ᠨᠢ ᠪᠣᠶᠠᠨ ᠲᠡᠶ ᠰᠠᠢ᠌ᠨ ᠭᠦᠮᠤᠨ ᠪᠣᠯᠬᠤ ᠪᠠᠷ ᠪᠠᠷᠠᠬᠤ ᠦᠭᠡᠶ ᠦᠷ᠎ᠡ ᠠᠴᠢ ᠨᠡᠷ ᠳᠤᠨᠢ ᠪᠦᠷ ᠭᠡᠰᠢᠭ᠌ ᠪᠣᠶᠠᠨ ᠢᠷᠠᠵᠤ᠂ ᠥᠭᠡᠳᠡ ᠡᠰᠡᠷᠡᠭ᠌᠂ ᠰᠠᠢ᠌ᠨ ᠰᠠᠢ᠌ᠬᠠᠨ ᠠᠮᠢᠳᠤᠷᠠᠨ᠎ᠠ ᠭᠡᠵᠤ ᠥᠵᠡᠳᠡᠭ᠌ ᠳᠤᠯᠠ ᠮᠠᠨᠢ ᠶᠢᠨ ᠮᠤᠳᠤ ᠪᠠᠨ ᠰᠠᠢ᠌ᠬᠠᠨ ᠵᠠᠢ᠌ᠯᠠᠬᠤ ᠮᠠᠶᠢᠭᠳᠠᠢ ᠪᠣᠯᠠᠵᠤ ᠳᠠᠯᠪᠢᠳᠠᠭ᠃ ᠮᠤᠳᠤ ᠨᠢ ᠣᠷᠭᠤᠵᠤ ᠳᠡᠢ᠌ᠯᠦᠭ᠍ᠰᠡᠨ ᠦᠭᠡᠶ ᠴᠤ ᠡᠷᠭᠢᠭᠦ ᠬᠠᠪᠣᠷ ᠤᠨ ᠬᠠᠩᠰᠢ ᠪᠣᠯᠬᠤ ᠪᠠᠷ ᠨᠢ ᠦᠷ᠎ᠡ ᠠᠴᠢ ᠨᠡᠷ ᠨᠢ ᠣᠩᠭ᠋ᠤᠨ ᠣᠪᠣᠭ᠎ᠠ ᠶᠢᠨ ᠠᠷᠤ ᠪᠠᠷ ᠨᠢ ᠮᠤᠳᠤ ᠵᠠᠢ᠌ᠯᠠᠵᠤ ᠣᠷᠭᠤᠭᠤᠯᠳᠠᠭ ᠵᠠᠩᠰᠢᠯ ᠲᠡᠶ᠃ ᠡᠨᠡ ᠨᠢ ᠳᠠᠷᠤᠢ ᠨᠤᠨ ᠬᠤᠷᠴᠢᠨ ᠮᠤᠩᠭ᠋ᠤᠯᠴᠤᠳ ᠤᠨ ᠮᠤᠳᠤᠨ ᠳᠡᠭᠡᠷ᠎ᠡ ᠰᠠᠭᠢᠭᠤᠯᠰᠤᠨ ᠣᠷᠤᠰᠢᠨ᠎ᠠ ᠭᠡᠭᠦ ᠪᠦᠭᠡ ᠶᠢᠨ ᠰᠢᠳᠦᠯᠭᠡ ᠶᠢᠨ ᠦᠵᠡᠯᠳᠠ ᠡᠴᠡ ᠪᠣᠯᠤᠭᠰᠠᠨ ᠠᠵᠢᠯᠯᠠᠭᠠᠨ ᠪᠣᠯᠤᠨ᠎ᠠ᠃
ᠦᠨᠡᠨᠳᠡᠭᠡᠨ ᠰᠢᠷ᠎ᠠ ᠶᠢᠨ ᠱᠠᠰᠢᠨ ᠤ ᠨᠤᠮᠯᠠᠯ ᠪᠠ ᠪᠦᠭᠡ ᠶᠢᠨ ᠱᠠᠰᠢᠨ ᠤ ᠪᠦᠭᠡᠯᠡᠯ ᠨᠢ ᠬᠤᠶᠠᠷ ᠵᠣᠢ᠌ᠯ ᠤᠨ ᠣᠩᠰᠢᠯᠭ᠎ᠠ ᠭᠡᠵᠤ ᠦᠵᠡᠪᠠᠯ ᠵᠤᠭᠢᠨ᠎ᠠ᠃ ᠰᠢᠷ᠎ᠠ ᠶᠢᠨ ᠱᠠᠰᠢᠨ ᠤ ᠮᠠᠨᠢ ᠶᠢᠨ ᠵᠢᠷᠭᠤᠭᠠᠨ ᠦᠰᠦᠭ᠌ ᠨᠢ 《ᠬᠠᠮᠤᠭ ᠠᠮᠢᠳᠠᠨ ᠵᠢᠷᠭᠤᠭᠠᠨ ᠵᠥᠢᠯ》 ᠳᠡᠭ᠍ᠷᠢ᠂ ᠭᠦᠮᠤᠨ᠂ ᠠᠰᠤᠷᠢ ᠵᠡᠷᠭᠡ ᠰᠠᠢ᠌ᠨ ᠵᠠᠶᠠᠭᠠᠨ ᠤ ᠠᠮᠢᠳᠠᠨ ᠪᠠ ᠳᠠᠮᠤ᠂ ᠪᠢᠷᠢᠳ᠂ ᠠᠳᠤᠭᠤᠰᠤᠨ ᠭᠡᠭᠦ ᠮᠠᠭᠤ ᠵᠠᠶᠠᠭᠠᠨ ᠤ ᠠᠮᠢᠳᠠᠨ ᠤᠨ ᠳᠠᠷᠠᠭ᠎ᠠ ᠳᠦᠷᠤᠯ ᠤᠨ ᠠᠮᠢᠳᠤᠷᠠᠯ ᠳ᠋ᠠᠭᠢ ᠶᠠᠩᠵᠤ ᠪᠦᠷᠢ ᠶᠢᠨ ᠠᠶᠤᠯ ᠵᠤᠪᠠᠯᠠᠩ ᠡᠴᠡ ᠭᠡᠯᠳᠦᠷᠢᠭᠦᠯᠭᠦ ᠶᠢ ᠰᠠᠨᠠᠭᠠᠴᠢᠯᠠᠨ ᠢᠷᠡᠭᠦ ᠳᠦᠷᠤᠯ ᠳᠤ ᠪᠠᠨ ᠰᠠᠢ᠌ᠨ ᠪᠣᠯᠬᠤ ᠶᠢᠨ ᠲᠦᠯᠦᠭᠡ ᠡᠨᠡ ᠳᠦᠷᠤᠯ ᠳᠤ ᠪᠠᠨ ᠪᠣᠶᠠᠨ ᠬᠤᠷᠢᠶᠠᠬᠤ ᠭᠡᠰᠡᠨ ᠭᠦᠰᠡᠭᠦᠢᠴᠢ ᠦᠵᠡᠯ ᠤᠨ ᠥᠩᠭᠡ ᠪᠣᠳᠤᠭ ᠦᠳᠭᠡᠨ ᠵᠤᠵᠠᠭᠠᠨ ᠪᠠᠢ᠌ᠬᠤ ᠶᠤᠮ᠃ ᠭᠡᠳᠡᠯ᠎ᠡ ᠪᠦᠭᠡ ᠶᠢᠨ ᠱᠠᠰᠢᠨ ᠤ ᠪᠦᠭᠡᠯᠡᠯ ᠳᠤ ᠡᠷᠭᠢᠭᠦ ᠳᠦᠷᠤᠯ᠂ ᠢᠷᠡᠭᠡᠳᠦᠢ ᠶᠢᠨ ᠳᠤᠬᠠᠢ ᠭᠡᠢ᠌ᠰᠪᠦᠷᠢ ᠳᠠᠭᠠᠮᠠᠭ ᠭᠡᠵᠤ ᠪᠠᠢ᠌ᠬᠤ ᠦᠭᠡᠶ᠃ ᠳᠠᠷᠠ ᠴᠢᠭ᠌ ᠶᠢᠡᠷ ᠶᠢᠡᠨ ᠥᠩᠭᠡᠷᠡᠭ᠍ᠰᠡᠨ ᠴᠠᠭ ᠪᠠ ᠣᠳᠤ ᠴᠠᠭ ᠲᠤ ᠴᠢᠭᠯᠡᠭᠦᠯᠵᠤ ᠪᠣᠳᠠᠳᠤ ᠭᠡᠷᠡᠭ᠌ ᠪᠣᠳᠠᠰ ᠢ ᠬᠠᠮᠠᠭᠠᠯᠠᠭᠤᠯᠬᠤ ᠶᠢᠨ ᠡᠭᠦᠳᠡᠨ ᠡᠴᠡ ᠡᠵᠡᠳ ᠰᠠᠭᠢᠭᠤᠯᠰᠤᠨ ᠡᠴᠡ ᠪᠠᠨ ᠢᠳᠡᠭᠡᠨ᠂ ᠡᠳ᠋ ᠠᠭᠤᠷᠰᠤ᠂ ᠠᠩ ᠤᠨ ᠣᠯᠵᠠ᠂ ᠠᠳᠤᠭᠤ ᠮᠠᠯ᠂ ᠨᠠᠰᠤᠨ ᠬᠤᠳᠤᠭ᠂ ᠵᠤᠯ ᠵᠢᠷᠭᠠᠯ᠂ ᠦᠷ᠎ᠡ ᠠᠴᠢᠨᠠᠷ᠂ ᠡᠩᠭᠡ ᠳᠠᠢ᠌ᠪᠣᠩ᠂ ᠡᠶ᠎ᠡ ᠬᠠᠢ᠌ᠷ᠎ᠠ ᠪᠣᠯᠤᠨ ᠭᠡᠷ ᠪᠦᠯᠢ ᠶᠢᠨ ᠵᠤᠯ ᠵᠢᠷᠭᠠᠯ ᠢ ᠭᠤᠶᠤᠨ ᠳᠠᠭᠠᠳᠬᠠᠵᠤ᠂ ᠡᠮᠭᠡᠨᠢᠯ ᠵᠤᠪᠠᠯᠠᠩ᠂ ᠡᠪᠡᠳᠴᠢᠨ ᠳᠠᠬᠤᠯ᠂ ᠳᠤᠷᠭᠤᠨ ᠵᠡᠮᠳᠡᠭ᠌᠂ ᠭᠡᠮ ᠭᠢᠵᠢᠭ᠌᠂ ᠠᠳᠠ ᠴᠢᠳᠭᠦᠷ᠂ ᠳᠠᠢ᠌ᠰᠤᠨ᠂ ᠭᠡᠳᠦᠷᠭᠡᠢ ᠭᠦᠰᠡᠯ ᠪᠠ ᠭᠠᠢ ᠭᠠᠮᠰᠢᠭ ᠢ ᠵᠠᠢ᠌ᠯᠠᠭᠤᠯᠵᠤ ᠦᠭᠭᠦ ᠶᠢ ᠭᠤᠶᠤᠨ ᠳᠠᠭᠠᠳᠬᠠᠳᠠᠭ᠃
ᠣᠳᠤ ᠪᠢᠳᠠ ᠨᠤᠨ ᠬᠤᠷᠴᠢᠨ ᠮᠤᠩᠭ᠋ᠤᠯᠴᠤᠳ ᠤᠨ 《ᠱᠠᠩᠰᠢ ᠶᠢᠨ ᠮᠤᠳᠤ》᠂ 《ᠮᠠᠨᠢ ᠶᠢᠨ ᠮᠤᠳᠤ》 ᠶ᠋ᠢᠨ ᠰᠢᠳᠦᠯᠭᠡ ᠡᠴᠡ ᠰᠢᠷ᠎ᠠ ᠶᠢᠨ ᠱᠠᠰᠢᠨ ᠪᠠ ᠪᠦᠭᠡ ᠶᠢᠨ ᠱᠠᠰᠢᠨ ᠤ ᠦᠵᠡᠯᠳᠠ ᠵᠤᠷᠢᠯᠳᠠ ᠶᠢᠨ ᠣᠷᠭᠠᠨᠢᠭ ᠣᠶᠠᠯᠳᠤᠯ ᠢ ᠣᠯᠵᠤ ᠬᠠᠷᠠᠵᠠᠢ᠃ ᠮᠤᠳᠤᠨ ᠰᠢᠳᠦᠯᠭᠡ ᠳ᠋ᠤᠨᠢ ᠡᠷᠭᠢᠭᠦ ᠳᠦᠷᠤᠯ ᠤᠨ ᠰᠠᠢ᠌ᠨ ᠰᠠᠢ᠌ᠬᠠᠨ ᠤ ᠭᠦᠰᠡᠭᠦᠢᠴᠢ ᠦᠵᠡᠯ ᠤᠨ ᠡᠷᠡᠮᠡᠯᠵᠡᠯ ᠪᠠᠢ᠌ᠬᠤ ᠪᠦᠭᠡᠳ ᠨᠠᠩ ᠴᠢᠬᠤᠯᠠ ᠨᠢ ᠦᠨᠦᠳᠤᠷ ᠤᠨ ᠠᠬᠤᠢ᠌ᠴᠢ ᠦᠵᠡᠯ ᠤᠨ ᠭᠦᠰᠡᠯ ᠰᠡᠳᠬᠢᠯᠭᠡ ᠠᠬᠤᠯᠠᠭᠳᠠᠵᠤ ᠪᠠᠢ᠌ᠭ᠎ᠠ ᠨᠢ ᠭᠦᠮᠦᠰ ᠢ ᠣᠳᠤ ᠶᠢᠨ ᠠᠮᠢᠳᠤᠷᠠᠯ ᠠᠬᠤᠢ ᠳᠤ ᠪᠠᠨ ᠴᠢᠷᠮᠠᠢ᠌ᠬᠤ ᠳᠤ ᠳᠠᠭᠤᠳᠠᠭᠰᠠᠨ ᠭᠦᠡᠳᠤ ᠴᠢᠬᠤᠯᠠ ᠠᠴᠢ ᠬᠤᠯᠪᠣᠭᠳᠠᠯ ᠲᠡᠶ ᠪᠣᠯᠤᠭᠰᠠᠮ ᠶᠤᠮ᠃
ᠠᠰᠢᠭᠯᠠᠭᠰᠠᠨ ᠮᠠᠲ᠋ᠸᠷᠢᠶᠠᠯ
1. ᠮᠠᠠᠰᠠᠩ ᠤᠨ ᠰᠢᠨ᠎ᠠ ᠪᠠᠷ ᠣᠷᠴᠢᠭᠤᠯᠵᠤ ᠳᠠᠢ᠌ᠯᠪᠣᠷᠢᠯᠠᠭᠰᠠᠨ 《ᠮᠤᠩᠭ᠋ᠤᠯ ᠤᠨ ᠨᠢᠭᠤᠴᠠ ᠳᠤᠪᠴᠢᠶᠠᠨ》 · ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ · 1985 ᠣᠨ᠃
2. 《ᠮᠤᠩᠭ᠋ᠤᠯ ᠵᠠᠩ ᠣᠢ᠌ᠯᠠ ᠶᠢᠨ ᠨᠡᠪᠳᠡᠷᠭᠡᠢ ᠳᠤᠯᠢ》 ᠣᠶᠤᠨ ᠤ ᠪᠣᠳᠢ · ᠦᠪᠣᠷ ᠮᠤᠩᠭ᠋ᠤᠯ ᠤᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ᠂ 1999 ᠣᠨ᠃
3. ᠰᠢᠶᠤᠤ ᠳ᠋ᠠ ᠾᠸᠩ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》 · ᠡᠡᠰᠡᠷᠡᠯᠳᠤ ᠣᠷᠴᠢᠭᠤᠯᠪᠠ · ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ · 1979 ᠣᠨ᠃
4. ᠦ᠊·ᠨᠠᠷᠠᠠᠪᠠᠳᠤ ᠂ ᠵᠠᠯᠰᠠᠨ᠂ ᠫᠠ᠊·ᠷᠠᠰᠢᠨᠢᠮ᠎ᠠ᠂ ᠣᠶᠤᠠᠪᠠᠳᠤ ᠨᠡᠷ ᠤᠨ ᠵᠤᠬᠢᠶᠠᠭᠰᠠᠨ 《ᠮᠤᠩᠭ᠋ᠤᠯ ᠪᠤᠳ᠋ᠳ᠋ᡁᠨ ᠶᠢᠨ ᠰᠤᠶᠤᠯ》 · ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ 1997 ᠣᠨ᠃
5. ᠬᠠ᠊·ᠳ᠋ᠠᠮᠪᠢᠵᠠᠯᠰᠠᠨ ᠡᠷᠭᠢᠯᠡᠨ ᠨᠠᠢ᠌ᠷᠠᠭᠤᠯᠪᠠ · 《ᠮᠤᠩᠭ᠋ᠤᠯ ᠵᠠᠩ ᠣᠢ᠌ᠯᠠ ᠶᠢᠨ ᠵᠦᠢ》 · ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ · 1995 ᠣᠨ᠃
6. ᠭᠦᠷᠡᠯᠪᠠᠭᠠᠳᠤᠷ · ᠤᠷᠡᠡᠴᠢᠮᠡᠭ᠌ ᠡᠮᠭᠢᠳᠭᠡᠨ ᠨᠠᠢ᠌ᠷᠠᠭᠤᠯᠪᠠ᠂ 《ᠬᠤᠷᠴᠢᠨ ᠤ ᠵᠠᠩ ᠠᠭᠠᠯᠢ》 · ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ · 1988 ᠣᠨ᠃
7. ᠯᠤᠪᠰᠠᠩᠴᠣᠢ᠌ᠳᠠᠨ ᠤ 《ᠮᠤᠩᠭ᠋ᠤᠯ ᠤᠨ ᠵᠠᠩ ᠠᠭᠠᠯᠢ ᠶᠢᠨ ᠣᠢ᠌ᠯᠠᠪᠣᠷᠢ》 · ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ · 1981 ᠣᠨ᠃
8. ᠸᠠᠯᠲ᠋ᠸᠷ ᠾᠢ᠌ᠰᠰᠢᠭ᠌ 《ᠮᠤᠩᠭ᠋ᠤᠯ ᠤᠨ ᠱᠠᠰᠢᠨ ᠰᠤᠷᠳᠠᠬᠤᠨ》 · ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ · 1998 ᠣᠨ᠃
9. ᠨᠢᠮ᠎ᠠ ᠶᠢᠨ ᠨᠠᠢ᠌ᠷᠠᠭᠤᠯᠵᠤ ᠵᠤᠬᠢᠶᠠᠭᠰᠠᠨ 《ᠰᠦᠨᠠᠰᠤ᠂ ᠣᠩᠭ᠋ᠤᠳ᠂ ᠰᠢᠳᠦᠯᠭᠡ》᠂ ᠥᠪᠦᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1998 ᠣᠨ᠃
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 7490
ᠴᠠᠭ᠄ 2012 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ