ᠨᠡᠪᠲᠡᠷᠡᠨ ᠤᠷᠤᠬᠤ
ᠭᠢᠯᠢ ᠶᠢᠨ ᠳᠡᠭ᠍ᠷᠢ ᠴᠡᠯᠮᠡᠭ᠌

ᠭᠢᠯᠢ ᠶᠢᠨ ᠳᠡᠭ᠍ᠷᠢ

ᠬᠤᠪᠢ ᠶᠢᠨ ᠭᠠᠳᠠᠨ᠎ᠠ ᠴᠡᠯᠮᠡᠭ᠌

ᠴᠡᠴᠡᠭ᠌ ᠤᠨ ᠴᠤᠮᠤᠷᠯᠢᠭ ᠤᠳ

ᠴᠡᠯᠮᠡᠭ᠌ ᠳᠡᠭ᠍ᠷᠢ ᠶᠢᠨ ᠴᠢᠨᠢ ᠳᠤᠤᠷ᠎ᠠ

ᠴᠠᠪᠠᠷ ᠠᠷᠢᠭᠤᠨ ᠭᠦᠷᠦᠰᠤᠨ ᠳᠡᠭᠡᠷ᠎ᠡ ᠴᠢᠨᠢ

ᠴᠡᠷᠢᠭ᠌ ᠡᠷ᠎ᠡ ᠶᠢᠨ ᠵᠤᠷᠢᠭ ᠡᠪᠦᠷᠯᠡᠵᠤ

ᠴᠢᠮᠡᠭᠡ ᠥᠭᠡᠢ᠌ᠭᠡᠨ ᠳᠡᠯᠭᠡᠷᠡᠨ᠎ᠡ

ᠪᠣᠭᠢᠷ ᠣᠳᠤᠭ᠎ᠠ ᠪᠣᠷᠭᠢᠯᠳᠠᠭ

ᠣᠢ᠌ᠯᠠᠳᠪᠣᠷᠢ ᠶᠢᠨ ᠪᠠᠷᠢᠯᠭ᠎ᠠ ᠬᠠᠷᠠᠭᠳᠠᠬᠤ ᠦᠭᠡᠶ

ᠬᠠᠶᠠ ᠬᠠᠶᠠ ᠨᠢᠭᠡ

ᠡᠩᠭᠡ ᠳᠠᠢ᠌ᠪᠣᠩ ᠠᠴᠢᠶᠠᠯᠠᠭᠰᠠᠨ

ᠨᠤᠭᠤᠭᠠᠨ ᠳᠡᠷᠭᠡ ᠯᠠ ᠵᠢᠳᠭᠦᠨ᠎ᠡ

ᠬᠤᠳᠠ ᠳᠤᠭᠤᠷᠢᠨ ᠶᠠᠪᠣᠵᠤ

ᠬᠤᠭᠤᠯᠠᠢ ᠪᠠᠨ ᠰᠢᠬᠠᠨ ᠬᠠᠰᠭᠢᠷᠳᠠᠭ

ᠬᠤᠠᠵᠢᠩ ᠭᠦᠰᠡᠭ᠍ᠰᠡᠨ ᠬᠤᠳᠠᠯᠳᠤᠭᠠᠴᠢᠨ ᠤ ᠳᠠᠭᠤᠨ

ᠬᠤᠭ ᠳᠠᠰᠤ ᠰᠤᠨᠤᠷᠳᠠᠵᠤ

ᠢᠳᠡᠭᠡᠯ ᠳᠡᠭᠦᠰ᠂ ᠳᠠᠩᠭ᠋ᠠᠷᠢᠭ ᠴᠢᠩᠭ᠋᠎ᠠ

ᠴᠡᠷᠢᠭ᠌ ᠤᠨ ᠪᠦᠷᠢᠶ᠎ᠡ ᠯᠠ ᠴᠤᠤᠷᠢᠶᠠᠳᠤᠨ᠎ᠠ


ᠭᠢᠯᠢ ᠶᠢᠨ ᠳᠡᠭ᠍ᠷᠢ

ᠬᠤᠪᠢ ᠶᠢᠨ ᠭᠠᠳᠠᠨ᠎ᠠ ᠴᠡᠯᠮᠡᠭ᠌

ᠠᠪᠯᠢᠭᠠᠴᠢ ᠨᠤᠶᠠᠤᠨ᠂ ᠪᠢᠯᠳᠠᠤᠴᠢ ᠠᠷᠠᠤᠨ ᠤᠨ

ᠴᠤᠬᠤᠷ ᠴᠢᠷᠠᠢ ᠬᠠᠷᠠᠭᠳᠠᠬᠤ ᠦᠭᠡᠶ

ᠣᠬᠤᠷ ᠪᠠᠩᠵᠠᠯ᠂ ᠣᠯᠠᠭᠠᠨ ᠣᠷᠤᠭᠤᠯᠳᠤ

《ᠭᠠᠩᠭ᠋ᠠᠩ》 ᠪᠠᠷ᠎ᠠ ᠶᠢ ᠬᠠᠪᠢᠳᠠᠭᠤᠯᠬᠤ ᠦᠭᠡᠶ

ᠡᠷ᠎ᠡ ᠶᠢᠨ ᠮᠦᠰᠤ᠂ ᠰᠢᠠᠳᠠᠰᠤ ᠴᠢᠩᠭ᠋᠎ᠠ

ᠴᠡᠷᠢᠭ᠌ ᠤᠨ ᠴᠤᠪᠣᠭ᠎ᠠ ᠵᠢᠭ᠍ᠳᠡᠭᠡᠨ

ᠬᠠᠷᠠᠮᠵᠢ ᠭᠦᠭᠡᠭᠡᠵᠤ᠂ ᠬᠠᠷ᠎ᠠ ᠪᠠᠭᠤᠳᠠᠭ

ᠬᠠᠷ᠎ᠠ ᠰᠠᠨᠠᠭᠠᠳᠠᠨ ᠣᠷᠤᠰᠢᠬᠤ ᠦᠭᠡᠶ

ᠬᠤᠪᠢ ᠪᠠᠨ ᠰᠠᠭᠢᠵᠤ᠂ ᠳᠤᠪᠣ ᠪᠠᠨ ᠨᠤᠭᠤᠭᠠᠷᠠᠭᠤᠯᠳᠠᠭ

ᠭᠦᠭᠡᠷᠦᠭᠦᠢ ᠭᠦᠮᠦᠰ ᠢ ᠤᠢ᠌ᠷᠠᠳᠤᠭᠤᠯᠬᠤ ᠦᠭᠡᠶ

ᠪᠣᠰᠤᠳ ᠤᠨ ᠲᠦᠯᠦᠭᠡ ᠠᠯᠢᠪᠠ ᠪᠠᠨ ᠵᠤᠷᠢᠭᠤᠯᠬᠤ

ᠭᠦᠴᠤᠨ ᠶᠢᠡᠨ ᠰᠢᠪᠬᠠᠵᠤ ᠣᠯᠤᠰ ᠶᠢᠡᠨ ᠬᠠᠮᠠᠭᠠᠯᠠᠬᠤ

ᠣᠯᠠᠭᠠᠨ ᠵᠢᠷᠦᠭᠡ ᠤᠳ ᠯᠠ ᠴᠤᠭᠢᠯᠠᠨ᠎ᠠ


ᠭᠢᠯᠢ ᠶᠢᠨ ᠳᠡᠭ᠍ᠷᠢ

ᠬᠤᠪᠢ ᠶᠢᠨ ᠭᠠᠳᠠᠨ᠎ᠠ ᠴᠡᠯᠮᠡᠭ᠌

ᠬᠠᠮᠤᠭ ᠢ ᠵᠠᠯᠭᠢᠮᠠᠷ ᠠᠷᠭᠢᠷᠠᠳᠠᠭ

ᠡᠯᠡᠰᠤᠨ ᠰᠢᠭᠤᠷᠭ᠎ᠠ ᠳᠤ ᠪᠣᠯᠠᠭᠳᠠᠬᠤ ᠦᠭᠡᠶ

ᠬᠠᠯᠳᠠᠷ᠎ᠠ ᠢᠷᠡᠭ᠍ᠰᠡᠨ ᠪᠣᠯᠭᠠᠨ ᠤ

ᠬᠤᠷᠮᠤᠢ ᠳᠤ ᠨᠢ ᠶᠠᠷᠤᠨᠢ ᠰᠥᠭᠦᠷᠡᠳᠡᠭ᠌ ᠦᠭᠡᠶ

ᠬᠠᠭ᠎ᠠ ᠪᠢᠴᠠ ᠨᠢᠷᠭᠡᠳᠡᠭ᠌

ᠬᠠᠳᠠᠨ ᠵᠤᠷᠢᠭ ᠯᠠ ᠣᠠᠳᠤᠷᠠᠨ᠎ᠠ

ᠠᠮᠢᠰᠬᠤᠬᠤ ᠳᠤ ᠠᠭᠠᠷ ᠨᠢ ᠰᠤᠷᠭᠤᠭ

ᠣᠭᠤᠤᠬᠤ ᠳᠤ ᠣᠰᠤ ᠨᠢ ᠳᠤᠩᠭ᠋ᠠᠯᠠᠭ

ᠣᠴᠠᠷᠠᠬᠤ ᠳᠤ ᠭᠦᠮᠦᠰ ᠨᠢ ᠡᠶᠡᠯᠰᠡᠭ᠌

ᠭᠢᠯᠢ ᠶᠢᠨ ᠳᠡᠭ᠍ᠷᠢ ᠮᠢᠨᠢ

ᠬᠤᠪᠢ ᠶᠢᠨ ᠭᠠᠳᠠᠨ᠎ᠠ ᠴᠡᠯᠮᠡᠭ᠌ ᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ