☆ ᠳ᠋·ᠪᠦᠷᠢᠨᠲᠤᠭᠲᠠᠬᠤ
ᠨᠠᠮᠤᠷ ᠤᠨ ᠴᠢᠮᠡᠭᠡ
ᠪᠢ ᠭᠦᠨ ᠰᠢᠷᠭᠠᠯ ᠨᠠᠮᠤᠷ ᠤᠨ ᠳᠤᠳᠤᠷ᠎ᠠ ᠵᠤᠭᠰᠤᠨ᠎ᠠ᠃
ᠬᠠᠵᠠᠭᠤ ᠳᠤ ᠮᠢᠨᠢ ᠬᠠᠮᠤᠭ ᠰᠡᠭᠦᠯᠴᠢ ᠶᠢᠨ ᠴᠡᠴᠡᠭᠡᠰ
ᠬᠤᠯᠠᠳᠠᠵᠤ ᠪᠠᠢ᠌ᠭ᠎ᠠ ᠨᠠᠷᠠᠨ ᠤ ᠭᠡᠷᠡᠯ ᠢ ᠵᠠᠪᠳᠤᠵᠤ ᠢᠳᠠ ᠮᠠᠳᠠᠨ ᠳᠡᠯᠭᠡᠷᠡᠨ᠎ᠡ᠃
ᠠᠭᠤᠯᠠᠰ ᠤᠨ ᠪᠠᠷ᠎ᠠ ᠤᠢ᠌ᠷ᠎ᠡ ᠡᠴᠡ ᠬᠤᠯᠠ ᠳᠠᠪᠬᠤᠷ ᠳᠠᠪᠬᠤᠷ ᠴᠡᠩᠭᠡᠷᠯᠡᠨ
ᠠᠶᠠᠷᠬᠠᠨ ᠨᠡᠭᠦᠭᠦ ᠡᠭᠦᠯᠡᠰ ᠤᠨ ᠳᠤᠤᠭᠤᠷ ᠬᠤᠨ ᠤ ᠰᠦᠷᠦᠭ᠌ ᠵᠢᠵᠢᠭ᠍ᠷᠡᠨᠡ
ᠨᠤᠳᠤᠭ ᠣᠰᠤ ᠬᠠᠢ᠌ᠷᠠᠳᠠᠢ ᠭᠦᠮᠦᠰ ᠰᠡᠳᠭᠢᠯ ᠳᠤ ᠡᠷᠭᠡ ᠦᠭᠡᠶ ᠪᠣᠳᠤᠭᠳᠠᠨ
ᠣᠶᠠᠷᠠᠭᠤᠨ ᠰᠠᠢ᠌ᠬᠠᠨ ᠣᠷᠳᠤ ᠶᠢᠨ ᠨᠢᠭᠡ ᠳᠠᠭᠤᠤ ᠵᠢᠷᠦᠭᠡᠨ ᠳᠤ ᠰᠤᠨᠤᠷᠳᠠᠨ᠎ᠠ
ᠪᠢ ᠭᠦᠨ ᠰᠢᠷᠭᠠᠯ ᠨᠠᠮᠤᠷ ᠤᠨ ᠳᠤᠳᠤᠷ᠎ᠠ ᠵᠤᠭᠰᠤᠨ᠎ᠠ
ᠬᠠᠳᠤᠯᠠᠩ ᠤᠨ ᠭᠦᠨ ᠡᠴᠡ ᠡᠪᠠᠰᠤᠨ ᠤ ᠦᠨᠦᠷ ᠠᠩᠭᠢᠯᠤᠨ᠎ᠠ
ᠬᠠᠯᠠᠭᠤᠨ ᠳᠤ ᠪᠦᠭᠡᠮᠨᠡᠷᠡᠳᠡᠭ᠌ ᠬᠤᠨᠢᠳ ᠵᠢᠪᠠᠷ ᠪᠠᠷᠢᠵᠤ ᠳᠠᠷᠬᠠᠨᠠ
ᠬᠠᠮᠢᠭ᠎ᠠ ᠬᠤᠯᠠ ᠡᠴᠡ ᠪᠠᠯᠴᠢᠭᠡᠷ ᠶᠢᠡᠨ ᠰᠠᠨᠠᠵᠤ ᠠᠳᠤᠭᠤ ᠡᠷᠭᠢᠨ᠎ᠡ
ᠬᠠᠷᠢ ᠳᠤ ᠮᠤᠷᠳᠠᠭᠰᠠᠨ ᠭᠡᠦᠭᠡᠨ ᠳᠦᠷᠭᠦᠮ ᠡᠷᠢᠵᠤ ᠨᠢᠯᠪᠣᠰᠤ ᠪᠠᠨ ᠠᠷᠴᠢᠨ᠎ᠠ
ᠬᠠᠮᠤᠭ ᠳᠦᠷᠦᠭᠦᠤ ᠪᠠᠨ ᠪᠦᠭᠦᠢᠭ᠍ᠰᠡᠨ ᠨᠠᠷᠢᠮᠤ ᠶᠢᠨ ᠳᠠᠷᠢᠶ᠎ᠠ
ᠬᠠᠢ᠌ᠷᠠᠳᠠᠢ ᠬᠠᠷ᠎ᠠ ᠰᠢᠷᠤᠢ ᠲᠡᠶ ᠪᠠᠨ ᠰᠠᠮ ᠶᠠᠷᠢᠯᠴᠠᠨ᠎ᠠ
ᠪᠢ ᠭᠦᠨ ᠰᠢᠷᠭᠠᠯ ᠨᠠᠮᠤᠷ ᠤᠨ ᠳᠤᠮᠳᠠ ᠵᠤᠭᠰᠤᠨ᠎ᠠ
ᠡᠵᠢ ᠶᠢᠨ ᠬᠠᠳᠠᠭᠠᠭᠰᠠᠨ ᠬᠤᠷᠤᠳ ᠡᠴᠡ ᠳᠤᠰᠤ ᠳᠠᠭᠠᠭᠠᠪᠣᠷᠢᠯᠠᠨᠠ
ᠡᠷᠭᠢᠴᠡᠭᠦᠯᠦᠯ ᠤᠨ ᠳᠤᠮᠳᠠ ᠪᠠᠭ᠎ᠠ ᠨᠠᠰᠤ ᠮᠢᠨᠢ ᠪᠣᠳᠤᠭᠳᠠᠨ᠎ᠠ
ᠣᠯᠠᠪᠣᠷ ᠨᠠᠪᠴᠢ ᠮᠢᠨᠤ ᠳᠡᠭᠡᠷ᠎ᠡ ᠡᠴᠡ ᠠᠶᠠᠷᠬᠠᠨ ᠣᠨᠠᠨ᠎ᠠ
ᠣᠨ ᠣᠨ ᠤ ᠰᠠᠢ᠌ᠬᠠᠨ ᠳᠤᠷᠠᠳᠬᠠᠯ ᠨᠠᠰᠤ ᠳᠠᠷᠤᠵᠤ ᠦᠯᠠᠳᠠᠨ᠎ᠠ
ᠣᠭᠤᠷᠠᠭ ᠴᠠᠭᠠᠨ ᠰᠠᠷ᠎ᠠ ᠨᠠᠳᠠ ᠭᠡᠷᠡᠯ ᠶᠢᠡᠨ ᠦᠭᠭᠦᠨ᠎ᠡ
ᠣᠰᠤᠨ ᠤ ᠣᠯᠠᠨ ᠰᠢᠪᠠᠭᠤᠳ ᠨᠠᠳᠠ ᠦᠳᠦ ᠪᠠᠨ ᠥᠯᠡᠳᠡᠭᠡᠨ᠎ᠡ
ᠪᠢ ᠰᠢᠷᠭᠠᠯ ᠨᠠᠮᠤᠷ ᠤᠨ ᠳᠤᠮᠳᠠ ᠵᠤᠭᠰᠤᠨ᠎ᠠ
ᠨᠠᠷᠠᠨ ᠤ ᠡᠴᠦᠰ ᠤᠨ ᠳᠤᠶᠠᠭ᠎ᠠ ᠪᠠᠷ ᠴᠢ ᠮᠢᠨᠢ ᠨᠠᠰᠢ ᠪᠠᠨ ᠢᠷᠠᠨ᠎ᠠ
ᠨᠠᠮ ᠨᠠᠮᠵᠢᠭᠤᠬᠠᠨ ᠶᠢᠡᠷ ᠪᠢ ᠴᠢᠮ᠎ᠠ ᠪᠠᠨ ᠭᠦᠯᠢᠶᠡᠨ᠎ᠡ
ᠨᠠᠯᠠᠭᠠᠷ ᠪᠠᠭᠠᠷᠢᠨ ᠨᠢᠭᠡᠯᠡ ᠰᠠᠢ᠌ᠬᠠᠨ ᠭᠤᠪᠠᠢ᠌ᠷᠠᠵᠤ
ᠨᠠᠮᠤᠷ ᠶᠢᠨ ᠵᠡᠭᠦᠳᠤ ᠶᠢ ᠭᠦᠡᠳᠡᠵᠤ ᠭᠦᠷᠡᠩ ᠠᠯᠮᠤᠷᠠᠤᠨ ᠨᠢ ᠣᠨᠠᠨ᠎ᠠ
ᠨᠠᠮᠤᠷ ᠶᠢᠡᠨ ᠳᠠᠭᠤᠯᠠᠵᠤ ᠭᠦᠭᠡᠷᠦᠭᠦᠨ ᠭᠤᠯᠢᠶ᠎ᠠ ᠨᠢ ᠵᠢᠷᠭᠢᠨ᠎ᠠ
ᠪᠢ ᠰᠢᠷᠭᠠᠯ ᠨᠠᠮᠤᠷ ᠤᠨ ᠳᠤᠮᠳᠠ ᠵᠤᠭᠰᠤᠨ᠎ᠠ
ᠨᠠᠮᠤᠷ ᠰᠢᠭ᠌ ᠭᠤᠶᠤ ᠢᠷᠠᠭᠤ ᠨᠠᠢ᠌ᠷᠠᠭ ᠰᠠᠳᠭᠢᠵᠤ
ᠠᠮᠢᠳᠤᠷᠠᠯ ᠤᠨ ᠰᠠᠢ᠌ᠬᠠᠨ ᠳᠤ ᠳᠤᠭᠳᠤᠯᠤᠨ᠎ᠠ ᠡ ᠁
2011 ᠣᠨ ᠤ ᠨᠠᠮᠤᠷ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2011 ᠤᠨ ᠤ 09 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ