ᠨᠡᠪᠲᠡᠷᠡᠨ ᠤᠷᠤᠬᠤ
ᠮᠤᠩᠭ᠋ᠤᠯ ᠨᠠᠢ᠌ᠵᠠ

ᠣᠠᠴᠠ ᠳᠠᠭᠠᠨ ᠨᠢᠭᠡ ᠡᠷᠴᠢᠮ ᠤᠨ ᠥᠶᠡᠷᠭᠡᠯ ᠳᠠᠢ

ᠣᠯᠵᠠ ᠳᠠᠭᠠᠨ ᠬᠤᠶᠠᠷ ᠭᠡᠷᠴᠢᠮ ᠤᠨ ᠠᠠᠳᠠᠭᠠᠷ ᠳᠠᠢ

ᠣᠪᠣᠭ᠎ᠠ ᠳᠠᠭᠠᠨ ᠭᠤᠷᠪᠠᠨ ᠨᠠᠭᠠᠳᠤᠮ ᠤᠨ ᠪᠠᠬᠠᠷᠬᠠᠯ ᠳᠠᠢ

ᠣᠩᠭ᠋ᠤᠨ ᠳᠠᠭᠠᠨ ᠳᠦᠷᠪᠠᠨ ᠵᠥᠭ᠌ ᠤᠨ ᠢᠪᠠᠭᠡᠯ ᠳᠠᠢ

ᠣᠶᠤᠨ ᠳᠠᠭᠠᠨ ᠳᠠᠪᠤᠨ ᠮᠦᠰᠤ ᠶᠢᠨ ᠰᠤᠷᠭᠠᠯ ᠳᠠᠢ


ᠵᠠᠪᠰᠢᠶᠠᠨ ᠳᠤ ᠵᠢᠷᠭᠤᠭᠠᠨ ᠵᠣᠢ᠌ᠯ ᠡᠴᠠ ᠭᠦᠷᠳᠡᠭᠡᠯ ᠳᠠᠢ

ᠵᠠᠢ᠌ᠴᠠᠬᠤ ᠳᠤ ᠳᠤᠯᠤᠭᠠᠨ ᠮᠠᠭᠤ ᠡᠴᠠ ᠳᠤᠳᠠᠭᠠᠯ ᠳᠠᠢ

ᠵᠠᠯᠪᠢᠷᠠᠬᠤ ᠳᠤ ᠨᠢ᠋ᠮᠠᠨ ᠰᠢᠷᠭ᠎ᠠ ᠶᠢᠨ ᠭᠡᠢ᠌ᠮᠦᠷᠢ ᠳᠠᠢ

ᠵᠠᠶᠠᠭᠠᠴᠢ ᠳᠤ ᠶ‍ᠢᠰᠤᠨ ᠭᠦᠯᠭᠡ ᠶᠢᠨ ᠰᠦᠯᠳᠡ ᠲᠡᠶ

ᠽᠠᠮᠪᠣᠳᠢᠪ ᠲᠤ ᠠᠷᠪᠠᠨ ᠬᠤᠷᠤᠭᠤᠨ ᠤ ᠪᠠᠷᠢᠯᠳᠤᠭ᠎ᠠ ᠳᠠᠢ


ᠳᠡᠭ᠍ᠷᠢ ᠶᠢᠨ ᠢᠪᠠᠭᠡᠯ ᠳᠤ ᠳᠠᠭᠠᠷᠠᠭᠰᠠᠨ ᠵᠠᠶᠠᠭ᠎ᠠ

ᠳᠠᠩᠭ᠋ᠠᠴᠢ ᠶᠢᠨ ᠳᠤᠮᠳᠠ ᠵᠠᠩᠭᠢᠳᠤᠭᠰᠠᠨ ᠣᠶᠠᠭ᠎ᠠ

ᠠᠯᠳᠠᠨ ᠳᠡᠯᠡᠭᠡᠢ ᠶᠢᠨ ᠨᠥᠭᠦᠷ ᠳᠠᠪᠢᠯᠠᠩ

ᠠᠵᠠ ᠶᠢᠨ ᠨᠤᠭᠤᠭᠠᠨ ᠪᠣᠷᠬᠠᠨ ᠳᠠᠩᠭ᠋ᠠᠷᠢᠭ

ᠨᠠᠢ᠌ᠵᠠ ᠭᠡᠳᠡᠭ᠌ ᠪᠣᠶᠠᠨ᠂ ᠨᠠᠢ᠌ᠵᠠ ᠲᠡᠶ ᠭᠦᠮᠤᠨ ᠪᠠᠶᠠᠨ


ᠵᠤᠬᠢᠶᠠᠭᠴᠢ ᠶᠢᠨ ᠬᠠᠶ‍ᠢᠭ᠄ ᠰᠢᠠᠵᠢᠶᠠᠩ ᠬᠤᠪᠣᠭᠰᠠᠢ᠌ᠷᠢ

ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ