☆ ᠳ·ᠰᠤᠳᠨᠠᠮ
ᠭᠡᠯᠡᠵᠤ ᠴᠢᠳᠠᠬᠤ ᠦᠭᠡᠶ ᠭᠡᠳᠤᠨ ᠥᠭᠡ
ᠭᠡᠯᠡᠵᠤ ᠴᠢᠳᠠᠬᠤ ᠦᠭᠡᠶ ᠭᠡᠳᠤᠨ ᠥᠭᠡ
ᠭᠡᠴᠢᠨᠡᠨ ᠵᠢᠯ ᠶᠢᠡᠷ ᠮᠠᠨᠤᠰ ᠤᠨ ᠳᠤᠮᠳᠠ
ᠮᠠᠭᠮᠠ ᠪᠣᠯᠵᠤ ᠮᠠᠨᠠᠠᠳᠠᠵᠤ ᠣᠳᠠᠭᠰᠠᠨ
ᠭᠡᠯᠡᠵᠤ ᠴᠢᠳᠠᠬᠤ ᠦᠭᠡᠶ ᠭᠡᠳᠤᠨ ᠥᠭᠡ ᠪᠠᠨ
ᠭᠡᠨ ᠳᠤ ᠪᠠᠨ ᠭᠡᠵᠤ ᠦᠮᠴᠢᠯᠠᠵᠤ ᠪᠠᠢ᠌ᠯ᠎ᠠ
ᠭᠡᠷᠪᠡ ᠭᠡᠯᠡᠴᠢᠭᠡᠭᠦ ᠪᠠᠷ
ᠭᠡᠷᠡᠭ᠌ ᠯᠠᠪᠠᠷᠠᠵᠤ
ᠭᠡᠷᠡᠮ ᠤᠨ ᠴᠠᠭᠠᠨ᠎ᠠ ᠡᠴᠠ
ᠶᠠᠮᠠᠷ ᠨᠢᠯᠪᠣᠰᠤ ᠣᠷᠤᠰᠴᠤ ᠢᠷᠡᠭᠦ ᠵᠢ
ᠶᠠᠭ ᠳᠠᠭᠠᠭᠠᠵᠤ ᠴᠢᠳᠠᠬᠤ ᠦᠭᠡᠶ ᠳᠤ ᠪᠠᠨ
ᠭᠡᠪᠠᠷᠡᠭ᠌ ᠨᠢ ᠠᠷᠭ᠎ᠠ ᠦᠭᠡᠶ ᠭᠡᠷᠡᠮ ᠢ
ᠭᠡᠷᠰᠡᠤ ᠨᠢ ᠠᠷᠭ᠎ᠠ ᠦᠭᠡᠶ ᠬᠠᠮᠠᠭᠠᠯᠠᠵᠤ ᠪᠠᠢ᠌ᠯ᠎ᠠ ᠁
ᠵᠠᠶᠠᠭᠠᠨ ᠤ ᠭᠠᠰᠢᠭᠤᠨ ᠢ
ᠵᠢᠷᠭᠠᠯ ᠪᠣᠯᠭᠠᠨ ᠰᠢᠮᠠᠵᠤ
ᠵᠤᠷᠢᠭ ᠪᠠᠶ᠎ᠠ ᠪᠠᠨ ᠪᠠᠷᠢᠵᠤ
ᠵᠢᠯᠤᠭᠤ ᠠᠳᠬᠤᠵᠤ ᠶᠠᠪᠣᠯ᠎ᠠ
ᠵᠢᠷᠤᠭ᠎ᠠ ᠠᠯᠳᠠᠵᠤ ᠶᠠᠪᠣᠯ᠎ᠠ᠃
ᠰᠡᠳᠭᠢᠯ ᠤᠨ ᠭᠦᠨᠡᠰᠤ
ᠢᠳᠡᠭᠡᠯ ᠤᠨ ᠰᠦᠨᠠᠰᠤ
ᠭᠡᠯᠡᠵᠤ ᠴᠢᠳᠠᠬᠤ ᠦᠭᠡᠶ ᠨᠢᠭᠤᠴᠠ ᠪᠠᠨ
ᠭᠤᠠᠳᠠᠴᠢᠬᠠᠬᠤ ᠪᠣᠯ ᠦᠦ ᠭᠡᠵᠤ ᠠᠶᠤᠬᠤ ᠳᠤ ᠪᠠᠨ
ᠭᠤᠤᠯ ᠰᠢᠭ ᠳᠤᠨᠤᠷᠠᠭᠤᠨ ᠢᠨᠠᠭ ᠲᠤ ᠪᠠᠨ
ᠡᠷᠭᠢ ᠪᠤᠯᠵᠤ ᠶᠡᠭᠦᠷᠡᠳᠡᠭ᠌ ᠦᠭᠡᠶ ᠥᠭᠡ ᠪᠠᠨ
ᠭᠡᠷᠡᠭ᠌ ᠪᠣᠯᠭᠠᠨ ᠶᠡᠭᠦᠯᠡᠳᠡᠭ᠌ ᠦᠭᠡᠶ ᠪᠢᠯᠠ᠃
ᠵᠤᠬᠢᠶᠠᠭᠴᠢ ᠶᠢᠨ ᠬᠠᠶᠢᠭ ᠄ ᠵᠠᠷᠤᠳ
ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2011 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ