☆ ᠦ᠊·ᠠᠯᠳᠠᠠᠪᠣᠯᠠᠭ
ᠭᠦᠮᠤᠨ ᠳᠦᠷᠦᠭᠦ ᠳ᠋ᠡᠭᠡᠨ
ᠭᠦᠰᠡᠯ ᠳᠤ ᠣᠭᠵᠢᠭᠳᠠᠵᠤ ᠭᠦᠮᠤᠨ ᠳᠦᠷᠦᠳᠡᠭ᠌
ᠭᠦᠯ ᠳᠤ ᠣᠷᠤᠨ᠎ᠠ ᠭᠡᠮᠡᠨ ᠮᠥᠯᠭᠦᠵᠤ ᠡᠭᠢᠯᠡᠳᠡᠭ᠌
ᠭᠦᠮᠤᠨ ᠪᠣᠯᠤᠨ᠎ᠠ ᠭᠡᠵᠤ ᠭᠦᠴᠦᠯᠡᠵᠤ ᠳᠡᠮᠡᠴᠡᠳᠡᠭ᠌
ᠭᠦᠰᠡᠷ ᠬᠠᠶᠠ ᠭᠦᠡᠳᠤ ᠤᠢ᠌ᠴᠢᠳᠠᠭ᠃
ᠭᠠᠠᠵᠤᠭᠠᠨ ᠳᠠᠭᠠᠨ ᠭᠦᠷᠭᠦ ᠭᠡᠮᠡᠨ ᠭᠠᠷ ᠰᠠᠷᠪᠠᠢ᠌ᠨᠠ
ᠭᠠᠵᠠᠷ ᠢ ᠡᠯᠡᠭᠡᠨ᠎ᠡ ᠭᠡᠵᠤ ᠬᠤᠯᠠ ᠶᠠᠪᠣᠨ᠎ᠠ
ᠭᠠᠷᠮᠠᠭᠠᠢ ᠠᠮᠢᠳᠤᠷᠠᠨ᠎ᠠ ᠭᠡᠮᠡᠨ ᠡᠷᠳᠡᠮ ᠳᠤ ᠭᠢᠴᠢᠶᠠᠨ᠎ᠠ
ᠭᠠᠰᠢᠭᠤᠨ ᠢ ᠮᠠᠷᠳᠠᠬᠤ ᠭᠡᠵᠤ ᠵᠢᠷᠭᠠᠯ ᠳᠤ ᠱᠤᠩᠪᠠᠨ᠎ᠠ᠃
ᠡᠯᠳᠡᠪ ᠠᠵᠢᠯ ᠲᠡᠶ ᠡᠭᠢᠯᠡᠵᠤ ᠣᠷᠤᠯᠳᠤᠨ᠎ᠠ
ᠡᠪᠰᠡᠵᠤ ᠡᠶᠡᠳᠡᠵᠤ ᠳᠤᠢᠮᠠ ᠳᠠᠭᠢᠨ᠎ᠠ
ᠡᠷᠢᠶᠡᠨ ᠪᠠᠷᠠᠭᠠᠨ ᠲᠡᠶ ᠳᠠᠪᠳᠠᠵᠤ ᠳᠠᠨᠢᠯᠴᠠᠨ᠎ᠠ
ᠡᠷ᠎ᠡ ᠪᠠᠶ᠎ᠠ ᠪᠠᠨ ᠵᠥᠳᠡᠭᠡᠵᠤ ᠣᠬᠠᠭᠠᠷᠠᠨᠠ᠃
ᠪᠣᠷᠬᠠᠨ ᠴᠢᠳᠭᠦᠷ ᠲᠡᠶ ᠨᠢᠭᠤᠵᠤ ᠳᠤᠭᠯᠠᠨ᠎ᠠ
ᠪᠣᠶᠠᠨ ᠨᠢᠭᠦᠯ ᠲᠡᠶ ᠮᠦᠷᠤᠢ ᠳᠠᠯᠪᠢᠨ᠎ᠠ
ᠪᠣᠭᠤᠷᠤᠯ ᠪᠣᠯᠳᠠᠯ᠎ᠠ ᠪᠠᠨ ᠪᠣᠳᠤᠯ ᠰᠠᠯᠪᠢᠨᠠ
ᠪᠣᠯᠬᠤ᠂ ᠪᠣᠯᠬᠤ ᠦᠭᠡᠶ ᠲᠡᠶ ᠳᠤᠯᠭᠠᠷᠠᠵᠤ ᠰᠠᠯᠤᠨ᠎ᠠ᠃
ᠠᠳᠠᠭ᠎ᠠ ᠵᠢᠳᠦᠭᠡ ᠳᠤ ᠠᠪᠳᠠᠵᠤ ᠰᠢᠷᠠᠯᠠᠨ᠎ᠠ
ᠠᠪᠴᠠᠭ᠎ᠠ ᠥᠭ᠍ᠴᠦᠭᠡ ᠳᠤ ᠳᠤᠭᠠᠴᠠᠵᠤ ᠴᠠᠭᠠᠷᠠᠨ᠎ᠠ
ᠡᠡᠶᠦᠯ ᠭᠡᠨᠡᠨ ᠳᠤ ᠣᠨᠠᠵᠤ ᠰᠡᠭᠡᠭᠡᠷᠡᠨᠡ
ᠠᠪᠣ ᠶᠢᠨ ᠬᠡᠦᠬᠡᠳ ᠲᠡᠶ ᠡᠪᠰᠡᠵᠤ ᠡᠪᠳᠡᠷᠡᠨ᠎ᠡ᠃
ᠭᠡᠵᠢᠶ᠎ᠡ ᠬᠣᠢ᠌ᠨ᠎ᠠ ᠨᠢ ᠭᠡᠯᠡ ᠪᠣᠯᠳᠣᠢ᠌ᠨᠠ
ᠭᠡᠷᠡᠭ᠌ ᠲᠡᠶ ᠭᠡᠷᠡᠭ᠌ ᠦᠭᠡᠶ ᠣᠯᠠᠨ ᠢ ᠭᠢᠨ᠎ᠠ
ᠭᠡᠨ ᠪᠤᠯᠪᠠᠴᠤ ᠥᠭᠦᠳᠡᠭ᠌ ᠶᠤᠰᠤ ᠶᠢ
ᠭᠡᠩᠭᠦᠳᠡᠭ᠌ ᠳᠠᠯᠠᠳᠴᠤ ᠳᠦᠩᠭᠡᠵᠤ ᠮᠠᠳᠠᠨ᠎ᠠ᠃
2011.8.8
ᠵᠤᠬᠢᠶᠠᠭᠴᠢ ᠶᠢᠨ ᠬᠠᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ