☆ ᠭᠢᠶᠠᠨ ᠠᠵᠢᠨᠠᠢ
ᠥᠨᠦᠴᠢᠨ ᠭᠦᠭᠡ ᠳᠠᠭ᠎ᠠ
᠊᠊᠊᠊᠊᠊᠊᠊᠊᠊᠊᠊᠊᠊᠊ ᠨᠤᠳᠤᠭ ᠤᠨ ᠳᠡᠭᠦᠤ ᠳᠠᠪᠬᠤᠷᠪᠠᠶᠠᠷ ᠤᠨ 《ᠦᠨᠦᠴᠢᠨ ᠭᠦᠭᠡ ᠳᠠᠭ᠎ᠠ》ᠨᠤᠮ ᠤᠨ ᠮᠢᠯᠢᠶᠠᠯᠠᠭᠠ ᠳ᠋ᠤ
ᠰᠤᠷᠯᠠᠩᠬᠠᠨ ᠳᠠᠯ ᠡᠴᠠ ᠨᠢ ᠭᠠᠯ ᠴᠠᠭᠢᠵᠤ
ᠴᠤᠮᠪᠤᠨ ᠳᠤᠭᠤᠷᠠᠢ ᠡᠴᠠ ᠨᠢ ᠣᠴᠢ ᠭᠢᠯᠠᠰᠭᠢᠵᠤ
ᠴᠤᠯᠮᠤᠨ ᠨᠢᠳᠤᠨ ᠡᠴᠠ ᠨᠢ ᠭᠡᠷᠡᠯ ᠣᠢ᠌ᠵᠤ
ᠴᠢᠨ᠋ᠸ᠎ᠠ ᠶᠢᠨ ᠴᠢᠭᠢᠨ ᠡᠴᠠ ᠨᠢ ᠰᠠᠯᠭᠢ ᠱᠤᠤᠭᠢᠵᠤ
ᠰᠠᠢ᠌ᠨ ᠠᠭᠳᠠ ᠶᠢᠨ ᠰᠢᠠᠵᠢ ᠪᠦᠷᠢᠳᠦᠭ᠍ᠰᠡᠨ
ᠰᠠᠯᠭᠢᠴᠢ ᠭᠦᠯᠦᠭ᠌ ᠤᠨ ᠵᠢᠪᠬᠤᠭ᠎ᠠ ᠭᠠᠢ᠌ᠬᠠᠭᠤᠯᠤᠭᠰᠠᠨ
ᠪᠠᠶᠠᠠᠳᠠᠯ᠎ᠠ ᠶᠢᠨ ᠣᠨᠠᠭ᠎ᠠ
ᠪᠠᠶᠠᠭᠤᠳ ᠳᠠᠮᠠᠭ᠎ᠠ ᠲᠡᠶ ᠭᠦᠯᠦᠭ᠌
ᠬᠠᠵᠠᠭᠠᠷ ᠤᠨ ᠭᠢᠨᠢ ᠬᠠᠩᠭᠢᠨᠠᠭᠠᠨ ᠳ᠋ᠤ
ᠠᠢ᠌ᠷᠠᠭ ᠤᠨ ᠦᠨᠦᠷ ᠰᠠᠩᠭᠢᠰᠭᠢᠨᠡ
ᠬᠠᠷ᠎ᠠ ᠣᠰᠤᠨ ᠭᠦᠶᠦᠳᠡᠯ ᠳᠤ ᠨᠢ
ᠨᠠᠢ᠌ᠷᠠᠭ ᠤᠨ ᠳᠠᠯᠪᠢ ᠵᠠᠳᠠᠷᠠᠰᠭᠢᠨᠠ
ᠬᠤᠩᠭ᠋ᠤᠷ ᠣᠶᠠᠬᠠᠨ ᠢᠠᠴᠠᠭᠠᠨ ᠳᠤ ᠨᠢ
ᠢᠵᠢᠯᠢ ᠶᠢᠨ ᠳᠤᠤᠯᠢᠶᠠᠨ ᠠᠨᠢᠷᠠᠰᠭᠢᠨᠠ
ᠬᠠᠰ ᠤᠨ ᠳᠤᠪᠣᠷᠤᠤᠳᠤ ᠪᠦᠭᠡᠷᠭᠡ ᠳᠤ ᠨᠢ
ᠬᠤᠷᠸ᠎ᠠ ᠳᠡᠯᠡᠭᠡᠢ ᠳᠦᠩᠭᠦᠰᠭᠢᠨᠡ
ᠡᠷ᠎ᠡ ᠬᠤᠶᠠᠷ ᠵᠠᠭᠠᠯ ᠤᠨ ᠣᠳᠤᠮ
ᠣᠩᠭ᠋ᠤᠨ ᠰᠦᠷᠦᠭ᠌ ᠤᠨ ᠳᠠᠰᠤᠷᠬᠠᠢ
ᠦᠨᠦᠴᠢᠨ ᠭᠦᠭᠡ ᠳᠠᠭ᠎ᠠ ᠮᠢᠨᠤ︕
ᠦᠪᠡᠷᠴᠢᠯᠠᠵᠤ ᠴᠢᠮ᠎ᠠ ᠶᠢ ᠨᠢᠭᠡ ᠭᠤᠷᠣᠢ᠌ᠯᠠᠬᠤ ᠳ᠋ᠤ
《ᠦᠨᠢᠷ ᠴᠡᠴᠡᠭ᠌》 ᠊ᠤᠨ ᠭᠦᠷᠢᠶᠡᠯᠡᠩ ᠵᠢᠠᠷ
ᠤᠶᠠᠩᠭ᠎ᠠ ᠶᠢᠨ ᠳᠠᠭᠤᠨ ᠶᠢᠡᠷ ᠦᠣᠷᠰᠠᠨ᠎ᠡ
《ᠠᠯᠳᠠᠨ ᠭᠢᠩᠭ᠋ᠠᠨ》 ᠊ᠤ ᠡᠪᠦᠷ ᠳᠤ
ᠰᠢᠯᠦᠭ᠌ ᠪᠣᠯᠵᠤ ᠠᠷᠭᠤᠮᠠᠭᠨᠠᠨᠠ
ᠥᠵᠡᠭ᠍ᠰᠡᠨ ᠪᠦᠭᠦᠨ ᠤ ᠨᠢᠳᠤ ᠶᠢ ᠬᠤᠵᠢᠷᠯᠠᠵᠤ
ᠬᠠᠷᠠᠭᠰᠠᠨ ᠪᠣᠯᠭᠠᠨ ᠤ ᠬᠠᠢ᠌ᠷ᠎ᠠ ᠶᠢ ᠳᠠᠳᠠᠨ᠎ᠠ
ᠤᠶᠠᠩᠭ᠎ᠠ ᠶᠢᠨ ᠨᠤᠭᠤᠭᠠᠨ ᠱᠤᠩ ᠳᠡᠭᠡᠷ᠎ᠡ
ᠡᠷ᠎ᠡ ᠭᠦᠯᠦᠭ᠌ ᠤᠨ ᠰᠣᠢ᠌ᠯᠠᠭᠠ ᠠᠪᠤᠨ ᠰᠤᠷᠳᠤᠯᠵᠠᠭᠠ
ᠦᠨᠦᠴᠢᠨ ᠭᠦᠭᠡ ᠳᠠᠭ᠎ᠠ ᠮᠢᠨᠤ︕
ᠦᠣᠷ ᠤᠨ ᠭᠡᠭᠡ ᠪᠠᠷ
ᠡᠷᠭᠡ ᠬᠤᠩᠭ᠋ᠤᠷ ᠳᠠᠭᠤᠨ ᠵᠢᠠᠷ
ᠢᠷᠭᠤᠢ ᠨᠢᠳᠤᠯᠠᠳᠠᠯᠠ ᠦᠣᠷᠰᠠᠨ᠎ᠡ
ᠡᠵᠡᠨ ᠴᠢᠩᠭᠢᠰ ᠤᠨ ᠨᠢ᠋ᠮᠠᠨ ᠰᠢᠷᠭ᠎ᠠ ᠵᠢᠨ
ᠨᠢᠭᠡᠨ ᠪᠣᠯᠵᠤ ᠳᠠᠪᠭᠢᠨ᠎ᠠ ᠁
ᠵᠤᠬᠢᠶᠠᠭᠴᠢ ᠶᠢᠨ ᠬᠠᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12131
ᠴᠠᠭ᠄ 2011 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ