☆ ᠮᠤᠩᠭ᠋ᠤᠯᠰᠤᠶᠤᠯ
ᠵᠦᠩᠨᠠᠯ
- ᠬᠠᠢ᠌ᠷᠠᠳᠤ ᠭᠡᠦᠭᠡᠨ ᠵᠢᠴᠢ ᠭᠦᠭᠡᠷᠦᠭᠦᠨ ᠰᠤᠷᠤᠭᠴᠢᠳ ᠲᠠᠭᠠᠨ
ᠢᠷᠡᠭᠡᠳᠦᠢ ᠵᠥᠭ᠌ ᠶᠢᠡᠨ ᠳᠠᠮᠠᠤᠯᠠᠨ᠎ᠠ ᠭᠡᠵᠤ
ᠢᠳᠡᠭᠡᠯ ᠪᠣᠰᠤᠭ᠎ᠠ ᠶᠠᠪᠣᠭᠠᠷᠠᠢ
ᠶᠡᠭᠡ ᠣᠢ᠌ᠯᠠ ᠶᠢ ᠪᠦᠳᠦᠭᠡᠨ᠎ᠡ ᠭᠡᠵᠤ
ᠭᠦᠰᠡᠯ ᠪᠣᠰᠤᠭ᠎ᠠ ᠶᠠᠪᠣᠭᠠᠷᠠᠢ
ᠬᠠᠮᠤᠭ ᠣᠯᠠᠨ ᠳᠠᠭᠠᠨ ᠳᠠᠭᠠᠯᠠᠭᠳᠠᠵᠤ
ᠬᠠᠢ᠌ᠷ᠎ᠠ ᠪᠣᠰᠤᠭ᠎ᠠ ᠶᠠᠪᠣᠭᠠᠷᠠᠢ
ᠬᠠᠮᠳᠤ ᠨᠥᠭᠦᠤᠨ ᠲᠡᠶ ᠪᠠᠨ ᠪᠦᠯᠭᠦᠮᠳᠡᠨ
ᠨᠥᠭᠦᠷᠯᠡᠯ ᠪᠣᠰᠤᠭ᠎ᠠ ᠶᠠᠪᠣᠭᠠᠷᠠᠢ
ᠪᠠᠭᠰᠢ ᠠᠬᠠᠮᠠᠤᠨ ᠶᠢᠡᠨ ᠭᠦᠡᠳᠦᠳᠭᠡᠵᠤ
ᠪᠠᠶᠠᠰᠤᠯ ᠪᠣᠰᠤᠭ᠎ᠠ ᠶᠠᠪᠣᠭᠠᠷᠠᠢ
ᠭᠦᠴᠢᠷ ᠪᠦᠭᠦᠨ ᠢ ᠳᠤᠭᠤᠯᠵᠤ
ᠭᠦᠰᠡᠯᠡᠩ ᠪᠣᠰᠤᠭ᠎ᠠ ᠶᠠᠪᠣᠭᠠᠷᠠᠢ
ᠵᠤᠯ ᠵᠠᠪᠰᠢᠶᠠᠨ ᠲᠡᠶ ᠰᠤᠷᠤᠯᠴᠠᠨ
ᠵᠢᠷᠭᠠᠯ ᠪᠣᠰᠤᠭ᠎ᠠ ᠶᠠᠪᠣᠭᠠᠷᠠᠢ
ᠵᠤᠷᠢᠭᠰᠠᠨ ᠳᠠᠭᠠᠨ ᠵᠠᠪᠠᠯ ᠭᠦᠷᠭᠦ ᠪᠠᠷ
ᠵᠤᠷᠢᠭ ᠪᠣᠰᠤᠭ᠎ᠠ ᠶᠠᠪᠣᠭᠠᠷᠠᠢ
ᠡᠩᠭᠡ ᠮᠠᠠᠳᠤ ᠰᠤᠷᠤᠯᠴᠠᠵᠤ
ᠬᠤᠳᠤᠭ ᠪᠣᠰᠤᠭ᠎ᠠ ᠶᠠᠪᠣᠭᠠᠷᠠᠢ
ᠡᠭᠡ ᠭᠡᠯᠡ ᠪᠠᠨ ᠳᠡᠭᠡᠳᠦᠯᠡᠵᠤ
ᠭᠡᠢ᠌ᠮᠦᠷᠢ ᠪᠣᠰᠤᠭ᠎ᠠ ᠶᠠᠪᠣᠭᠠᠷᠠᠢ ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ