ᠨᠡᠪᠲᠡᠷᠡᠨ ᠤᠷᠤᠬᠤ
ᠮᠤᠳᠤᠨ ᠤ ᠰᠤᠷᠪᠢ

ᠮᠥᠩᠭᠦᠨ ᠬᠤᠰᠤᠨ ᠤ ᠳᠤᠤᠷ᠎ᠠ

ᠵᠠᠯᠠᠭᠤ ᠬᠤᠤᠰ ᠪᠣᠯᠵᠤᠪᠠ

ᠮᠥᠩᠭᠡ ᠳᠡᠭ᠍ᠷᠢ ᠳᠤ ᠠᠠᠳᠠᠭᠠᠢ᠌ᠯᠠᠪᠠᠴᠤ

ᠳᠠᠩᠭᠢᠯ ᠭᠡᠦᠭᠡᠨ ᠶᠠᠪᠣᠪᠠ

ᠬᠤᠰᠤᠨ ᠨᠠᠪᠴᠢᠨ ᠳᠤ ᠠᠮᠠᠷᠠᠭᠰᠠᠨ

ᠣᠳᠤᠳ ᠰᠠᠯᠭᠢᠨ ᠪᠣᠴᠠᠪᠠ

ᠬᠤᠩᠭ᠋ᠤᠷ ᠮᠦᠴᠢᠷ ᠢ ᠬᠤᠭᠤᠷᠳᠠᠭᠰᠠᠨ

ᠨᠠᠮᠤᠷ ᠤᠨ ᠰᠠᠯᠭᠢ ᠠᠨᠢᠷᠯᠠᠪᠠ

ᠴᠢᠩ ᠵᠢᠷᠦᠭᠡᠨ ᠤ ᠥᠭᠡ ᠪᠠᠨ

ᠭᠡᠯᠡᠭᠡᠤᠨ ᠬᠠᠨᠤᠭᠰᠠᠨ ᠦᠭᠡᠶ ᠭᠦᠤ

ᠴᠠᠭᠠᠨ ᠬᠤᠰᠤᠨ ᠤ ᠣᠢ᠌ᠰᠤᠨ ᠳᠤ

ᠬᠠᠢ᠌ᠷᠠᠳᠠᠢ ᠭᠡᠵᠤ ᠳᠡᠮᠳᠡᠭᠯᠡᠪᠡ

ᠬᠤᠨᠤᠭ ᠤᠨ ᠳᠠᠷᠠᠭᠠᠬᠠᠨ ᠳᠠᠷᠠ ᠭᠡᠦᠭᠡᠨ

ᠬᠠᠷᠢ ᠶᠢᠨ ᠭᠠᠵᠠᠷ ᠭᠠᠩᠬᠤᠨ᠎ᠠ

ᠬᠠᠢ᠌ᠷᠠᠳᠠᠢ ᠭᠡᠰᠡᠨ ᠣᠢ᠌ᠰᠤᠨ ᠪᠢᠴᠢᠭ᠌

ᠬᠤᠷᠸ᠎ᠠ ᠶᠢᠨ ᠵᠢᠮ᠎ᠠ ᠪᠠᠷ ᠳᠤᠳᠤᠷᠠᠨ᠎ᠠ

ᠳᠤᠳᠠᠭᠤ ᠳᠤᠷᠠᠯᠠᠯ ᠤᠨ ᠭᠤᠨᠢᠭ

ᠮᠤᠳᠤᠨ ᠳᠤ ᠨᠠᠪᠳᠠ ᠨᠠᠪᠴᠢᠵᠤ

ᠳᠠᠭᠤᠤ ᠶᠢᠨ ᠰᠡᠮᠡᠷᠭᠡᠢ ᠪᠠᠳᠠᠭ ᠰᠢᠭ

ᠨᠠᠮᠤᠷ ᠨᠠᠮᠤᠷ ᠣᠭᠢᠯᠠᠨ᠎ᠠ


ᠵᠤᠬᠢᠶᠠᠭᠴᠢ ᠶᠢᠨ ᠳᠤᠬᠠᠢ᠄  ᠳᠦᠷᠪᠠᠳ ᠡᠷᠳᠡᠨᠢᠪᠠᠶᠡᠷ᠂   2002 ᠣᠨ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠡᠴᠡ ᠳᠡᠭᠦᠰᠴᠤ ᠤᠳᠤ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ

ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠰᠠᠮᠪᠠᠷ᠎ᠠ
ᠬᠠᠷᠢᠶ᠎ᠠ᠄ ᠰᠢᠯᠦᠭ
ᠳᠠᠷᠤᠮ᠄ 3149
ᠴᠠᠭ᠄ 2007 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ