ᠨᠡᠪᠲᠡᠷᠡᠨ ᠤᠷᠤᠬᠤ
ᠴᠢ ᠮᠢᠨᠤᠭᠢ ᠪᠢᠰᠢ ᠪᠣᠯ ᠪᠢ ᠁
᠊᠊᠊᠊᠊᠊᠊᠊᠊᠊᠊᠊᠊᠊᠊ ᠨᠢᠭᠡᠨ ᠨᠠᠢ᠌ᠵᠢ ᠶᠢᠨ ᠥᠭᠡᠨ ᠡᠴᠡ ᠡᠰᠢᠯᠡᠪᠡ

ᠳᠠᠩᠭᠢᠯ ᠰᠠᠢ᠌ᠬᠠᠨ ᠢᠨᠢᠶᠠᠳᠤ ᠴᠢᠨᠢ ᠮᠢᠨᠤᠭᠢ ᠪᠢᠰᠢ ᠪᠣᠯ

ᠳᠠᠩᠰᠤᠭ ᠡᠨᠡ ᠣᠷᠴᠢᠯᠠᠩ ᠴᠤ ᠮᠢᠨᠤᠭᠢ ᠪᠢᠰᠢ

ᠳᠠᠪᠢᠯᠠᠩ ᠳᠤᠩᠭ᠋ᠤᠷᠠᠭᠰᠠᠨ ᠶ‍ᠢᠷᠳᠢᠠᠴᠤ ᠶᠢᠨ ᠪᠣᠭᠤᠮᠢ ᠶᠢ ᠳᠠᠰᠤ ᠳᠠᠰᠤ ᠳᠠᠰᠤᠯᠵᠤ

ᠳᠠᠮᠤ ᠳ᠋ᠸᠪᠠᠵᠠᠨ ᠤ ᠣᠷᠳᠤᠨ ᠳᠤ ᠪᠢ ᠵᠠᠷᠭᠤ ᠭᠦᠭᠡᠭᠡᠭᠦ ᠪᠠᠷ ᠣᠴᠢᠨ᠎ᠠ

ᠠᠩᠭᠢᠷ ᠴᠢ ᠮᠢᠨᠢ ᠮᠢᠨᠤᠭᠢ ᠪᠢᠰᠢ ᠪᠣᠯ

ᠠᠯᠳᠠᠨ ᠳᠡᠯᠡᠭᠡᠢ ᠴᠤ ᠮᠢᠨᠤᠭᠢ ᠪᠢᠰᠢ

ᠳᠠᠷᠢ ᠪᠠᠭᠯᠠᠭᠰᠠᠨ ᠵᠢᠷᠦᠭᠡ ᠪᠠᠨ ᠳᠠᠢ᠌ᠨ ᠤ ᠴᠢᠰᠤ ᠪᠠᠷ ᠠᠭᠰᠢᠭᠠᠵᠤ

ᠳᠠᠢ᠌ᠰᠤᠨ ᠡᠷᠯᠢᠭ᠌ ᠤᠨ ᠡᠭᠦᠳᠡᠨ ᠳᠤ ᠪᠢ ᠳᠠᠩᠰᠠ ᠣᠷᠪᠠᠭᠤᠯᠬᠤ ᠪᠠᠷ ᠣᠴᠢᠨ᠎ᠠ

ᠡᠩᠭᠦᠷᠡᠢ ᠴᠢ ᠮᠢᠨᠢ ᠮᠢᠨᠤᠭᠢ ᠪᠢᠰᠢ ᠪᠣᠯ

ᠡᠨᠡ ᠬᠤᠷᠸ᠎ᠠ ᠴᠤ ᠮᠢᠨᠤᠭᠢ ᠪᠢᠰᠢ

ᠡᠪᠴᠢᠭᠦᠤ ᠶᠢ ᠪᠣᠭᠤᠭᠰᠠᠨ ᠵᠠᠶᠠᠭᠠᠨ ᠤ ᠳᠤᠤᠷ ᠢ ᠭᠡᠭ᠍ᠵᠡ ᠭᠡᠭ᠍ᠵᠡ ᠭᠡᠷᠴᠢᠵᠤ

ᠡᠷᠯᠢᠭ᠌ ᠪᠣᠰᠬᠠᠭᠤᠯ ᠤᠨ ᠣᠷᠤᠨ ᠳᠤ ᠪᠢ ᠡᠭᠦᠳᠡ ᠶᠢ ᠨᠢ ᠪᠠᠯᠪᠠᠴᠢᠵᠤ ᠭᠦᠷᠦᠨ᠎ᠡ

ᠴᠢ ᠮᠢᠨᠤᠭᠢ ᠪᠢᠰᠢ ᠪᠣᠯ ᠪᠢ ᠪᠠᠶ᠎ᠠ ᠪᠠᠨ ᠬᠤᠤᠷᠯᠠᠨ᠎ᠠ

ᠴᠡᠴᠡᠭ᠌ ᠨᠠᠳᠠ ᠭᠡᠷᠡᠭ᠌ ᠦᠭᠡᠶ᠂ ᠬᠤᠸᠠᠷ ᠴᠤ ᠨᠠᠳᠠ ᠭᠡᠷᠡᠭ᠌ ᠥᠭᠡᠢ

ᠴᠢᠩ ᠰᠡᠳᠭᠢᠯ ᠤᠨ ᠨᠢᠯᠪᠣᠰᠤ ᠪᠠᠷ ᠪᠦᠳᠦᠭ᠍ᠰᠡᠨ ᠳᠠᠯᠠᠢ ᠯᠠ ᠭᠡᠷᠡᠭ᠍ᠳᠡᠢ

ᠳᠠᠷᠠ ᠳᠠᠯᠠᠢ ᠶᠢ ᠭᠠᠳᠤᠯᠤᠭᠠᠤᠨ ᠪᠢ

ᠳᠡᠭ᠍ᠷᠢ ᠶᠢᠨ ᠣᠷᠳᠤᠨ ᠳᠤ ᠣᠴᠢᠨ᠎ᠠ

ᠳᠠᠭᠢᠨᠢ ᠶᠢᠨ ᠣᠯᠠᠨ ᠰᠥᠷᠦᠭ᠌ ᠡᠴᠡ

ᠳᠠᠩᠴᠤ ᠴᠢᠮ᠎ᠠ ᠲᠡᠶ ᠪᠠᠨ ᠠᠳᠠᠯᠢ ᠶᠢ ᠯᠠ ᠡᠷᠢᠨ᠎ᠡ

ᠴᠢ ᠮᠢᠨᠤᠭᠢ ᠪᠢᠰᠢ ᠪᠣᠯ ᠪᠢ ᠪᠠᠶ᠎ᠠ ᠪᠠᠨ ᠬᠤᠤᠷᠯᠠᠨ᠎ᠠ

ᠪᠣᠳᠤᠯ ᠨᠠᠳᠠ ᠭᠡᠷᠡᠭ᠌ ᠦᠭᠡᠶ᠂ ᠪᠣᠯᠭᠢᠶ᠎ᠠ ᠴᠤ ᠭᠡᠷᠡᠭ᠌ ᠥᠭᠡᠢ

ᠪᠣᠷᠤ ᠵᠢᠷᠦᠭᠡᠨ ᠤ ᠶᠠᠳᠠᠷᠠᠯ ᠶᠢᠡᠷ ᠪᠦᠳᠦᠭ᠍ᠰᠡᠨ

ᠪᠣᠰᠬᠤ ᠶᠢ ᠮᠡᠳᠡᠳᠡᠭ᠌ ᠦᠭᠡᠶ ᠨᠣᠢ᠌ᠷ ᠯᠠ ᠭᠡᠷᠡᠭ᠍ᠳᠡᠢ

ᠵᠡᠭᠦᠳᠤᠨ ᠤ ᠶᠡᠭᠡ ᠭᠤᠪᠢ ᠶᠢ ᠳᠤᠭᠤᠯᠤᠭᠠᠤᠨ ᠪᠢ

ᠵᠢᠰᠤᠳᠤ ᠳᠠᠭᠢᠨᠢ ᠶᠢᠨ ᠣᠷᠳᠤᠨ ᠳᠤ ᠭᠦᠷᠦᠨ᠎ᠡ

ᠵᠣᠢ᠌ᠯ ᠤᠨ ᠰᠠᠢ᠌ᠬᠠᠨ ᠦᠬᠢᠳ ᠤᠨ ᠳᠤᠮᠳᠠ ᠡᠴᠡ

ᠵᠥᠪᠭᠡᠨ ᠴᠢᠮ᠎ᠠ ᠲᠡᠶ ᠪᠠᠨ ᠠᠳᠠᠯᠢ ᠶᠢ ᠯᠠ ᠡᠷᠢᠨ᠎ᠡ᠃

ᠵᠤᠬᠢᠶᠠᠭᠴᠢ᠄ ᠳ·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ