☆ ᠭᠠᠩᠭ᠎ᠠ
ᠰᠠᠭᠢᠭᠤᠰᠤ ᠮᠤᠳᠤ
ᠠᠷᠢᠭᠤᠨ ᠬᠠᠳᠠᠭ ᠶᠢᠡᠨ ᠣᠶᠠᠵᠤ
ᠠᠶᠤᠤᠯᠢᠬᠠᠢ ᠳᠠᠭᠠᠨ ᠵᠠᠯᠪᠢᠷᠠᠨ ᠰᠢᠳᠤᠯᠠ
ᠷᠠᠰᠢᠶᠠᠨ ᠣᠰᠤᠨ ᠡᠴᠠ ᠴᠢᠨᠢ ᠣᠤᠭᠤᠵᠤ
ᠠᠩᠭ᠋ᠠᠭᠰᠠᠨ ᠴᠠᠩᠭ᠋ᠠᠭ᠎ᠠ ᠪᠠᠨ ᠳᠠᠢ᠌ᠯᠠᠯᠠ
ᠨᠠᠪᠴᠢ ᠪᠦᠷᠢ ᠴᠢᠨᠢ ᠠᠯᠴᠢᠭᠤᠷ ᠪᠠᠢ᠌ᠵᠤ
ᠨᠠᠮᠢ᠋ᠢ ᠳᠠᠩᠳᠠ ᠪᠠᠨ ᠳᠠᠭᠤᠳᠠᠨ᠎ᠠ
ᠨᠠᠮᠠᠭ᠎ᠠ ᠪᠦᠷᠢ ᠴᠢᠨᠢ ᠭᠠᠷ ᠪᠠᠢ᠌ᠵᠤ
ᠨᠠᠮᠢ᠋ᠢ ᠳᠠᠩᠳᠠ ᠪᠠᠨ ᠳᠠᠯᠠᠯᠤᠨ᠎ᠠ
ᠡᠭᠡ ᠭᠠᠵᠠᠷ ᠢ ᠳᠡᠪᠠᠷᠢᠭ᠍ᠰᠡᠨ
ᠡᠭᠦᠷᠢᠳᠡ ᠬᠠᠳᠠᠳᠠᠭ ᠦᠭᠡᠶ ᠦᠨᠳᠦᠰᠦ ᠴᠢᠨᠢ
ᠡᠨᠡ ᠳᠡᠯᠡᠭᠡᠢ ᠶᠢ ᠪᠦᠦᠪᠠᠢ᠌ᠯᠡᠭ᠍ᠰᠡᠨ
ᠦᠨᠢᠳᠠ ᠨᠠᠮᠬᠠᠷᠠᠳᠠᠭ ᠦᠭᠡᠶ ᠱᠤᠤᠭᠢᠶ᠎ᠠ ᠴᠢᠨᠢ
ᠠᠷᠭ᠎ᠠ ᠦᠭᠡᠶ ᠡᠵᠢ ᠶᠢ ᠮᠢᠨᠢ ᠰᠠᠨᠠᠭᠳᠠᠭᠤᠯᠤᠨ᠎ᠠ
ᠠᠰᠬᠤᠨ ᠳᠤ ᠳᠦᠷᠢ ᠨᠢ ᠳᠤᠳᠤᠷᠠᠨ᠎ᠠ
ᠠᠰᠠᠭᠤᠯᠭᠠᠨ ᠦᠭᠡᠶ ᠠᠪᠣ ᠶᠢ ᠮᠢᠨᠢ ᠪᠣᠳᠤᠭᠳᠠᠭᠤᠯᠤᠨ᠎ᠠ
ᠠᠶᠠᠭᠠᠨ ᠳᠤ ᠳᠦᠷᠭᠦ ᠨᠢ ᠥᠵᠡᠭ᠍ᠳᠡᠨ᠎ᠡ
ᠳᠠᠷᠠ ᠵᠢᠯ ᠤᠨ ᠨᠠᠮᠤᠷ
ᠳᠡᠭ᠍ᠷᠢ ᠶᠢᠨ ᠡᠭᠦᠯᠡᠨ ᠳᠤ ᠠᠭᠤᠰᠤᠨ ᠣᠳᠤᠭᠰᠠᠨ
ᠳᠡᠭ᠍ᠷᠢᠯᠢᠭ᠌ ᠬᠤᠶᠠᠷ ᠨᠠᠰᠤᠳᠠᠨ ᠮᠢᠨᠢ
ᠳᠠᠯ᠎ᠠ ᠶᠢᠨ ᠰᠠᠭᠢᠭᠤᠰᠤ ᠮᠤᠳᠤᠨ ᠳᠤ ᠬᠤᠪᠢᠷᠠᠵᠤ
ᠡᠵᠢ ᠮᠢᠨᠢ ᠰᠦᠨ ᠪᠣᠯᠠᠭ ᠶᠢᠡᠨ ᠢᠪᠠᠯᠡᠭᠦᠯᠵᠤ
ᠡ᠊ᠨᠳᠡ ᠭᠦᠯᠢᠶᠡᠨ ᠵᠤᠭᠰᠤᠵᠤ
ᠡᠴᠢᠭᠡ ᠮᠢᠨᠢ ᠠᠷᠢᠭᠤᠨ ᠰᠤᠷᠭᠠᠯ ᠶᠢᠡᠨ ᠪᠢᠰᠢᠯᠭᠠᠵᠤ
ᠡ᠊ᠨᠳᠡ ᠳᠤᠰᠤᠨ ᠰᠠᠭᠤᠭ᠎ᠠ ᠦᠦ ᠭᠡᠵᠤ ᠪᠣᠳᠤᠬᠤ ᠳ᠋ᠤ
ᠨᠢᠳᠤᠨ ᠠᠶᠠᠭ᠎ᠠ ᠡᠴᠠ ᠮᠢᠨᠢ ᠨᠢᠯᠪᠣᠰᠤ
ᠨᠠᠮᠤᠷ ᠤᠨ ᠪᠣᠷᠤᠭ᠎ᠠ ᠰᠢᠭ ᠠᠰᠬᠠᠷᠠᠨ᠎ᠠ
ᠨᠢᠳᠤᠷᠭ᠎ᠠ ᠶᠢᠨ ᠴᠢᠨᠡᠭᠡᠨ ᠵᠢᠷᠦᠭᠡ ᠮᠢᠨᠢ
ᠨᠠᠩᠳᠠ ᠴᠡᠭᠡᠵᠢᠨ ᠳᠡᠭᠡᠨ ᠪᠠᠭᠳᠠᠨ ᠶᠠᠳᠠᠨ ᠴᠤᠭᠢᠯᠠᠨ᠎ᠠ ᠁
ᠠᠷᠢᠭᠤᠨ ᠬᠠᠳᠠᠭ ᠶᠢᠡᠨ ᠣᠶᠠᠵᠤ
ᠠᠶᠤᠤᠯᠢᠬᠠᠢ ᠳᠠᠭᠠᠨ ᠵᠠᠯᠪᠢᠷᠠᠨ ᠰᠢᠳᠤᠯᠠ
ᠷᠠᠰᠢᠶᠠᠨ ᠣᠰᠤᠨ ᠡᠴᠠ ᠴᠢᠨᠢ ᠣᠤᠭᠤᠵᠤ
ᠠᠩᠭ᠋ᠠᠭᠰᠠᠨ ᠮᠦᠷᠦᠭᠡᠳᠦᠯ ᠶᠢᠡᠨ ᠣᠰᠤᠯᠠᠯᠠ ᠁
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ
ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ