ᠨᠡᠪᠲᠡᠷᠡᠨ ᠤᠷᠤᠬᠤ
ᠨᠠᠭᠠᠳᠤᠮ ᠳᠤᠭᠯᠠᠭᠠᠮ ᠤᠨ ᠵᠠᠩ ᠣᠢ᠌ᠯᠠ
(ᠬᠡᠦᠬᠡᠳ ᠤᠨ ᠨᠠᠭᠠᠳᠤᠮ)

ᠨᠢᠭᠡ᠂ ᠱᠠᠭ᠎ᠠ ᠳᠤᠭᠯᠠᠭᠠᠮ

ᠪᠠᠭ᠎ᠠ ᠬᠡᠦᠬᠡᠳ ᠤᠨ ᠱᠠᠭ᠎ᠠ ᠳᠤᠭᠯᠠᠬᠤ ᠨᠢ ᠬᠤᠨᠢ ᠬᠤᠯᠪᠣᠬᠤ᠂ ᠠᠳᠤᠭᠤ ᠬᠠᠷᠢᠭᠤᠯᠬᠤ᠂ ᠥᠭᠡᠷ ᠮᠦᠷᠭᠦᠭᠦᠯᠭᠦ᠂ ᠠᠶᠠᠨ ᠭᠢᠭᠦ᠂ ᠠᠢ᠌ᠯ ᠪᠠᠭᠤᠬᠤ  ᠂ ᠰᠠᠭᠠᠬᠤ ᠳᠠᠯᠪᠢᠬᠤ᠂ ᠨᠢᠭᠤᠴᠠᠬᠠᠢ ᠪᠠᠷᠢᠬᠤ ᠵᠡᠷᠭᠡ ᠱᠠᠭ᠎ᠠ ᠣᠷᠭᠢᠬᠤ ᠪᠣᠶᠤ ᠱᠠᠭ᠎ᠠ ᠦᠷᠦᠭᠦ ᠠᠷᠭ᠎ᠠ ᠪᠠᠷ ᠨᠠᠭᠠᠳᠳᠠᠭ᠃ ᠬᠡᠦᠬᠡᠳ ᠤᠨ ᠱᠠᠭ᠎ᠠ ᠳᠤᠭᠯᠠᠭᠠᠮ ᠨᠢ ᠱᠠᠭ᠎ᠠ ᠶᠢᠨ ᠳᠤᠭ᠎ᠠ ᠴᠥᠭᠡᠨ᠂ ᠠᠷᠭ᠎ᠠ ᠭᠡᠯᠪᠠᠷᠢ ᠨᠢ ᠳᠦᠭᠦᠮ ᠳᠦᠳᠠ ᠪᠦᠭᠡᠳ ᠳᠤᠭᠯᠠᠭᠠᠮ ᠤᠨ ᠵᠤᠷᠢᠯᠭ᠎ᠠ ᠲᠡᠶ ᠪᠠᠢ᠌ᠳᠠᠭ ᠶᠢᠡᠷ ᠶᠢᠡᠨ ᠳᠤᠮᠤᠴᠤᠳ ᠤᠨ ᠳᠦᠷᠢᠮ ᠭᠤᠷᠢᠮ ᠲᠡᠶ ᠱᠠᠭ᠎ᠠ ᠨᠠᠭᠠᠳᠤᠮ ᠡᠴᠡ ᠢᠯᠭᠠᠭᠳᠠᠨ᠎ᠠ᠃ ᠳᠤᠬᠠᠢ᠌ᠯᠠᠪᠠᠯ᠂ ᠬᠡᠦᠬᠡᠳ ᠱᠠᠭ᠎ᠠ ᠪᠠᠨ ᠬᠤᠨᠢᠨ ᠳᠠᠯ᠎ᠠ ᠪᠠᠷ ᠬᠣᠢ᠌ᠨ᠎ᠠ ᠬᠣᠢ᠌ᠨ᠎ᠠ ᠡᠴᠡ ᠨᠢ ᠴᠤᠪᠣᠷᠠᠭᠤᠯᠤᠨ ᠦᠷᠤᠵᠤ ᠳᠠᠯᠪᠢᠭᠠᠤᠨ ᠬᠤᠨᠢ ᠬᠤᠯᠪᠣᠵᠤ ᠰᠠᠭᠠᠵᠤ ᠪᠠᠢ᠌ᠨ᠎ᠠ ᠭᠡᠭᠦ᠃ ᠱᠠᠭ᠎ᠠ ᠪᠠᠨ ᠣᠷᠭᠢᠵᠤ ᠮᠤᠷᠢ ᠪᠣᠰᠬᠠᠪᠠᠯ ᠳᠡᠭᠦᠵᠤ ᠠᠪᠣᠭᠠᠤᠨ ᠨᠡᠢ᠌ᠯᠡᠭᠦᠯᠤᠨ ᠡᠡᠳᠦᠭᠤᠨ ᠰᠦᠷᠦᠭ᠌ ᠪᠣᠯᠭᠠᠬᠤ ᠱᠠᠭ᠎ᠠ ᠪᠠᠨ ᠮᠦᠷᠭᠦᠭᠦᠯᠤᠨ ᠦᠷᠤᠵᠤ ᠥᠭᠡᠷ ᠮᠦᠷᠭᠦᠯᠳᠦᠭᠦᠯᠵᠤ ᠪᠠᠢ᠌ᠬᠤ ᠭᠡᠭᠦ ᠣᠷᠭᠢᠭᠰᠠᠨ ᠱᠠᠭ᠎ᠠ ᠪᠠᠨ ᠠᠳᠠᠯᠢ ᠳᠦᠷᠰᠤ ᠪᠠᠷ ᠨᠢ ᠢᠯᠭᠠᠵᠤ ᠭᠡᠳᠤᠨ ᠠᠢ᠌ᠯ ᠪᠣᠯᠵᠤ ᠨᠠᠭᠠᠳᠬᠤ ᠪᠠ ᠭᠡᠳᠤᠨ ᠠᠢ᠌ᠯ ᠬᠤᠭᠤᠷᠤᠠᠳᠤ ᠪᠠᠨ ᠱᠠᠭ᠎ᠠ ᠪᠠᠨ ᠰᠤᠯᠢᠯᠴᠠᠵᠤ ᠰᠠᠭᠠᠵᠤ ᠳᠠᠯᠪᠢᠵᠤ ᠪᠠᠢ᠌ᠨ᠎ᠠ ᠭᠡᠭᠦ ᠪᠠᠰᠠ ᠭᠡᠳᠤᠨ ᠬᠡᠦᠬᠡᠳ ᠠᠳᠠᠯᠢ ᠳᠤᠭᠠᠨ ᠤ ᠱᠠᠭ᠎ᠠ ᠬᠤᠪᠢᠶᠠᠵᠤ ᠠᠪᠣᠭᠠᠤᠨ ᠠᠷᠤ ᠳᠤ ᠪᠠᠨ ᠨᠢᠭᠤᠴᠠ ᠪᠠᠷ ᠳᠠᠰᠤᠯᠤᠨ ᠬᠤᠪᠢᠶᠠᠵᠤ ᠠᠳᠬᠤᠭᠠᠤᠨ ᠠᠯᠢ ᠭᠠᠷ ᠲᠤ ᠭᠡᠳᠤᠨ ᠱᠠᠭ᠎ᠠ ᠪᠠᠢ᠌ᠬᠤ ᠪᠠᠨ ᠳᠠᠭᠠᠯᠴᠠᠬᠤ ᠪᠣᠶᠤ ᠭᠡᠳᠤᠨ ᠭᠦᠮᠤᠨ ᠤ ᠭᠠᠷ ᠳᠠᠭᠢ ᠱᠠᠭ᠎ᠠ ᠶᠢᠨ ᠭᠢᠨᠢ ᠨᠠᠢ᠌ᠯᠠᠪᠣᠷᠢ ᠨᠢ ᠭᠡᠳᠤ ᠪᠣᠯᠬᠤ ᠶᠢ ᠳᠠᠭᠠᠯᠴᠠᠬᠤ ᠵᠡᠷᠭᠡ ᠠᠳᠠᠯᠢ ᠪᠣᠰᠤ ᠭᠡᠯᠪᠠᠷᠢ ᠪᠠᠷ ᠨᠠᠭᠠᠳᠤᠨ ᠳᠤᠭᠯᠠᠳᠠᠭ᠃

ᠬᠤᠶᠠᠷ᠂ ᠴᠢᠯᠠᠭᠤ ᠳᠤᠭᠯᠠᠭᠠᠮ

ᠬᠡᠦᠬᠡᠳ ᠤᠳ ᠮᠤᠷᠢ᠂ ᠬᠤᠨᠢ᠂ ᠥᠭᠡᠷ᠂ ᠳᠡᠮᠡᠭᠡ᠂ ᠨᠤᠬᠠᠢ᠂ ᠭᠡᠷ᠂ ᠳᠡᠷᠭᠡ ᠵᠡᠷᠭᠡ ᠠᠮᠢᠳᠠᠨ ᠪᠣᠶᠤ ᠡᠳ᠋ ᠭᠡᠷᠡᠭ᠍ᠰᠡᠯ ᠤᠨ ᠳᠦᠷᠰᠤ ᠲᠡᠶ ᠥᠩᠭᠡ ᠪᠦᠷᠢ ᠶᠢᠨ ᠴᠢᠯᠠᠭᠤ ᠶᠢ ᠳᠡᠭᠦᠵᠤ᠂ ᠳᠡᠭᠦᠨ ᠶᠢᠡᠷ ᠶᠢᠡᠨ ᠣᠷᠤᠰᠢᠨ ᠠᠮᠢᠳᠤᠷᠠᠵᠤ ᠪᠠᠢ᠌ᠭᠰᠠᠨ ᠣᠷᠤᠨ ᠰᠠᠭᠤᠴᠠ ᠶᠢᠨ ᠪᠠᠢ᠌ᠷᠢᠰᠢᠯ ᠢ ᠳᠠᠭᠤᠷᠢᠶᠠᠯᠭᠠᠨ᠂ ᠣᠷᠠᠨ ᠳᠠᠮ ᠲᠡᠶ ᠦᠷᠤᠵᠤ ᠨᠠᠭᠠᠳᠳᠠᠭ᠃ ᠢᠩᠭᠢᠭᠦ ᠳᠤ ᠭᠡᠯᠪᠠᠷᠢ ᠳᠦᠷᠰᠤ᠂ ᠳᠤᠮᠤ ᠵᠢᠵᠢᠭ᠌ ᠥᠩᠭᠡ ᠪᠣᠳᠤᠭ ᠢ ᠨᠢ ᠦᠨᠳᠦᠰᠦᠯᠠᠵᠤ᠂ ᠭᠡᠷ ᠣᠷᠤᠨ᠂ ᠬᠠᠰᠢᠶ᠎ᠠ ᠬᠤᠷᠤᠭ᠎ᠠ᠂ ᠮᠤᠷᠢᠨ ᠣᠶᠠᠭ᠎ᠠ ᠪᠠᠨ ᠳᠤᠭᠳᠠᠭᠰᠠᠨ ᠪᠠᠢ᠌ᠷᠢᠰᠢᠯ ᠳ᠋ᠤᠨᠢ ᠦᠷᠦᠭᠦ ᠪᠦᠭᠡᠳ ᠬᠤᠨᠢ᠂ ᠥᠭᠡᠷ ᠶᠢᠡᠨ ᠵᠤᠭᠢᠬᠤ ᠣᠷᠤᠨ ᠶᠢᠡᠷ ᠳᠤᠭᠢᠷᠠᠭᠤᠯᠤᠨ ᠦᠷᠦᠳᠡᠭ᠌ ᠨᠢ ᠳᠠᠳᠠᠨ ᠤ ᠠᠮᠢᠳᠤᠷᠠᠯ ᠤᠨ ᠳᠤᠬᠠᠢ ᠠᠵᠢᠭᠯᠠᠯᠳᠠ᠂ ᠳᠤᠭᠳᠠᠭᠠᠨ ᠴᠡᠭᠡᠵᠢᠯᠡᠭᠦ ᠴᠢᠳᠠᠪᠣᠷᠢ᠂ ᠰᠠᠳᠭᠢᠨ ᠪᠣᠳᠤᠬᠤ ᠠᠪᠢᠶᠠᠰ ᠢ ᠨᠢ ᠪᠣᠳᠠᠳᠠᠢ ᠪᠠᠷ ᠢᠯᠡᠷᠡᠭᠦᠯᠵᠤ ᠴᠢᠳᠠᠳᠠᠭ᠃ ᠢᠩᠭᠢᠵᠤ ᠦᠷᠤᠵᠤ ᠪᠠᠢ᠌ᠷᠢᠰᠢᠭᠤᠯᠤᠭᠰᠠᠨ ᠴᠢᠯᠠᠭᠤᠨ ᠳᠤᠭᠯᠠᠭᠠᠮ ᠶᠢᠡᠨ ᠬᠡᠦᠬᠡᠳ ᠤᠳ ᠶᠡᠭᠡ ᠬᠠᠢ᠌ᠷᠠᠯᠠᠵᠤ᠂ ᠦᠷᠭᠦᠯᠵᠢ ᠴᠢᠯᠠᠭᠤ ᠨᠠᠮᠠᠵᠤ ᠦᠷᠭᠡᠳᠭᠡᠨ ᠵᠠᠰᠠᠳᠠᠭ᠃ ᠡᠢ᠌ᠮᠤ ᠦᠯᠠᠳᠠᠴᠠ ᠶᠢ ᠮᠤᠩᠭ᠋ᠤᠯᠴᠤᠳ ᠳᠤᠩ ᠡᠷᠭᠢᠮᠯᠡᠨ ᠥᠵᠡᠭᠦ ᠵᠠᠩᠰᠢᠯ ᠲᠡᠶ᠃ ᠠᠳᠤᠭᠤ ᠮᠠᠯ ᠳᠤ ᠶᠠᠪᠣᠭᠠᠤᠨ ᠡᠢ᠌ᠮᠤ ᠦᠯᠠᠳᠠᠴᠠ ᠲᠤᠬᠢᠶᠠᠯᠳᠤᠪᠠᠯ ᠨᠤᠷᠭᠠᠬᠤ ᠡᠴᠡ ᠭᠢᠴᠢᠶᠠᠵᠤ ᠳᠤᠭᠤᠷᠢᠨ ᠭᠠᠷᠬᠤ ᠪᠠ ᠠᠶᠠᠨ ᠵᠠᠮ ᠳᠤ ᠶᠠᠪᠣᠭᠠᠤᠨ ᠴᠢᠯᠠᠭᠤᠨ ᠳᠤᠭᠯᠠᠭᠠᠮ ᠤᠨ ᠦᠯᠠᠳᠠᠴᠠ ᠳᠠᠭᠠᠷᠢᠯᠳᠤᠪᠠᠯ ᠪᠠᠯᠭᠡ ᠳᠠᠮᠪᠠᠷᠢᠯ ᠲᠡᠶ ᠪᠠᠷ ᠥᠵᠡᠳᠡᠭ᠌᠃

ᠭᠤᠷᠪᠠ᠂ ᠡᠯᠢᠶ᠎ᠡ ᠰᠢᠪᠠᠭᠤ ᠪᠠᠷᠢᠬᠤ

ᠡᠨᠡ ᠨᠠᠭᠠᠳᠤᠮ ᠪᠣᠯ ᠨᠢᠭᠡᠨ ᠬᠡᠦᠬᠡᠳ ᠨᠢ ᠡᠯᠢᠶ᠎ᠡ ᠪᠣᠯᠵᠤ ᠪᠣᠰᠤᠳ ᠬᠡᠦᠬᠡᠳ ᠤᠳ ᠨᠢ ᠶᠡᠭᠡ ᠪᠠᠭ᠎ᠠ ᠶᠢᠨ ᠳᠠᠰ ᠳᠠᠷᠠᠭᠠᠯᠠᠯ ᠶᠢᠡᠷ ᠶᠢᠡᠨ ᠬᠣᠢ᠌ᠨ᠎ᠠ ᠬᠣᠢ᠌ᠨ᠎ᠠ ᠡᠴᠡ ᠪᠠᠨ ᠬᠤᠷᠮᠤᠢ ᠡᠴᠡ ᠪᠠᠨ ᠪᠠᠷᠢᠵᠤ᠂ ᠡᠯᠢᠶ᠎ᠡ ᠶᠢᠨ ᠡᠰᠡᠷᠭᠦ ᠬᠠᠠᠳᠤᠨ ᠴᠤᠪᠣᠷᠠᠯᠳᠤᠨ ᠵᠤᠭᠰᠤᠭᠠᠤᠨ ᠰᠢᠪᠠᠭᠤ ᠪᠣᠯᠳᠠᠭ᠃ ᠡᠯᠢᠶ᠎ᠡ ᠪᠣᠯᠤᠭᠰᠠᠨ ᠬᠡᠦᠬᠡᠳ ᠰᠢᠪᠠᠭᠤ ᠶᠢ ᠪᠠᠷᠢᠬᠤ ᠭᠡᠵᠤ ᠴᠢᠷᠮᠠᠢ᠌ᠬᠤ ᠪᠦᠭᠡᠳ ᠮᠦᠷᠯᠠᠨ ᠵᠤᠭᠰᠤᠭᠰᠠᠨ ᠬᠡᠦᠬᠡᠳ ᠤᠨ ᠬᠠᠮᠤᠭ ᠰᠡᠭᠦᠯ ᠤᠨ ᠭᠢ ᠶᠢ ᠪᠠᠷᠢᠬᠤ ᠶᠤᠰᠤ ᠲᠡᠶ᠃ ᠡᠭᠦᠨ ᠳᠤ ᠮᠦᠷᠯᠠᠨ ᠵᠤᠭᠰᠤᠭᠰᠠᠨ ᠬᠡᠦᠬᠡᠳ ᠤᠨ ᠳᠦᠷᠦᠭᠦᠴᠢ ᠶᠢᠨ ᠭᠢᠨᠢ  ᠰᠢᠪᠠᠭᠤ ᠨᠤᠭᠤᠳ ᠶᠢᠡᠨ ᠬᠠᠮᠠᠭᠠᠯᠠᠵᠤ᠂ ᠡᠯᠢᠶ᠎ᠡ ᠶᠢ ᠬᠠᠰᠢᠳᠠᠭ᠃ ᠡᠯᠢᠶ᠎ᠡ ᠪᠣᠯᠤᠭᠰᠠᠨ ᠬᠡᠦᠬᠡᠳ ᠬᠤᠷᠴᠠ ᠰᠠᠮᠪᠠᠭᠠᠯᠢᠭ ᠪᠣᠯ ᠬᠠᠮᠠᠭᠠᠯᠠᠯ ᠢ ᠡᠪᠳᠡᠵᠤ ᠰᠢᠪᠠᠭᠤ ᠶᠢ ᠪᠠᠷᠢᠵᠤ ᠴᠢᠳᠠᠳᠠᠭ᠃ ᠢᠩᠭᠢᠪᠠᠯ ᠪᠠᠷᠢᠭᠳᠠᠭᠰᠠᠨ ᠬᠡᠦᠬᠡᠳ ᠡᠯᠢᠶ᠎ᠡ ᠪᠣᠯᠵᠤ ᠦᠷᠭᠦᠯᠵᠢᠯᠡᠨ ᠨᠠᠭᠠᠳᠤᠨ᠎ᠠ᠃ ᠡᠯᠢᠶ᠎ᠡ ᠰᠢᠪᠠᠭᠤ ᠪᠠᠷᠢᠬᠤ ᠨᠠᠭᠠᠳᠤᠮ ᠢ ᠵᠠᠷᠢᠮ ᠭᠠᠵᠠᠷ ᠪᠠᠰᠠ ᠪᠣᠤᠷᠠᠴᠢᠬᠤ ᠪᠣᠶᠤ ᠴᠠᠭᠠᠨ ᠳᠡᠮᠡᠭᠡ ᠭᠡᠵᠤ ᠭᠡᠯᠡᠳᠡᠭ᠌᠃ ᠡᠨᠡ ᠨᠢ ᠬᠡᠦᠬᠡᠳ ᠤᠨ ᠬᠤᠷᠴᠠ ᠰᠠᠮᠪᠠᠭ᠎ᠠ᠂ ᠱᠠᠯᠠᠮᠠᠭᠠᠢ ᠭᠦᠳᠡᠯᠭᠡᠭᠡᠨ ᠢ ᠪᠣᠯᠪᠠᠰᠤᠷᠠᠭᠤᠯᠬᠤ ᠡᠴᠡ ᠭᠠᠳᠠᠨ᠎ᠠ᠂ ᠬᠠᠮᠳᠤᠴᠢ ᠦᠵᠡᠯ᠂ ᠪᠦᠯᠭᠦᠮᠳᠡᠯ ᠤᠨ ᠭᠦᠴᠤ ᠶᠢ ᠣᠢ᠌ᠯᠠᠭᠠᠭᠤᠯᠬᠤ ᠰᠤᠷᠭᠠᠨ ᠭᠦᠮᠦᠵᠢᠯ ᠤᠨ ᠠᠴᠢ ᠬᠤᠯᠪᠣᠭᠳᠠᠯ ᠲᠡᠶ ᠪᠠᠢ᠌ᠳᠠᠭ᠃

ᠲ᠋ᠦᠷᠪᠠ᠂ ᠴᠢᠨ᠋ᠸ᠎ᠠ ᠳᠠᠷᠪᠠᠭᠠᠴᠢᠬᠤ

ᠨᠢᠭᠡ ᠬᠡᠦᠬᠡᠳ ᠴᠢᠨ᠋ᠸ᠎ᠠ ᠪᠣᠯᠵᠤ᠂ ᠪᠣᠰᠤᠳ ᠬᠡᠦᠬᠡᠳ ᠨᠢ ᠳᠠᠷᠪᠠᠭ᠎ᠠ ᠪᠣᠯᠵᠤ ᠬᠤᠪᠢᠶᠠᠭᠳᠠᠨ᠎ᠠ᠃ ᠴᠢᠨ᠋ᠸ᠎ᠠ ᠶᠢᠨ ᠨᠥᠭᠡ ᠭᠡᠵᠤ ᠨᠢᠭᠡ ᠭᠠᠵᠠᠷ ᠢ ᠳᠡᠮᠳᠡᠭᠯᠡᠭᠦ ᠪᠦᠭᠡᠳ ᠳᠠᠷᠪᠠᠭᠠᠨ ᠤ ᠨᠥᠭᠡ ᠪᠠᠷ ᠵᠤᠭᠢᠬᠤ ᠵᠠᠢ ᠲᠡᠶ ᠬᠤᠶᠠᠷ ᠭᠠᠵᠠᠷ ᠲᠤ ᠳᠡᠮᠳᠡᠭ᠌ ᠳᠠᠯᠪᠢᠨ᠎ᠠ᠃ ᠳᠠᠷᠪᠠᠭ᠎ᠠ ᠪᠣᠯᠤᠭᠰᠠᠨ ᠬᠡᠦᠬᠡᠳ ᠬᠤᠶᠠᠷ ᠨᠥᠭᠡ ᠶᠢᠨ ᠬᠤᠭᠤᠷᠤᠠᠳᠤ ᠭᠦᠷᠭᠦ ᠦᠶ᠎ᠡ ᠳᠤ ᠴᠢᠨ᠋ᠸ᠎ᠠ᠂ ᠳᠠᠷᠪᠠᠭ᠎ᠠ ᠶᠢ ᠪᠠᠷᠢᠵᠤ ᠴᠢᠳᠠᠪᠠᠯ ᠦᠪᠡᠷ ᠤᠨ ᠨᠥᠭᠡᠨ ᠳᠤ ᠪᠠᠨ ᠠᠪᠠᠴᠢᠨ᠎ᠠ᠃ ᠳᠠᠷᠪᠠᠭ᠎ᠠ ᠶᠢ ᠨᠥᠭᠡᠨ ᠳᠤ ᠪᠠᠢ᠌ᠬᠤ ᠦᠶ᠎ᠡ ᠳᠤ ᠪᠠᠷᠢᠵᠤ ᠪᠣᠯᠬᠤ ᠦᠭᠡᠶ᠃ ᠢᠩᠭᠢᠭᠡᠳ ᠳᠠᠷᠪᠠᠭ᠎ᠠ ᠨᠤᠭᠤᠳ ᠢ ᠪᠦᠭᠦᠨ ᠢ ᠨᠢ ᠪᠠᠷᠢᠪᠠᠯ ᠴᠢᠨ᠋ᠸ᠎ᠠ ᠪᠣᠯᠤᠭᠰᠠᠨ ᠳᠠᠯ᠎ᠠ ᠳᠡᠢ᠌ᠯᠦᠭ᠍ᠰᠡᠨ ᠶᠢᠡᠷ ᠪᠣᠳᠤᠨ᠎ᠠ᠃ ᠲ᠋ᠠᠷᠪᠠᠭ᠎ᠠ ᠪᠣᠯᠤᠭᠰᠠᠨ ᠬᠡᠦᠬᠡᠳ ᠨᠥᠭᠡᠨ ᠡᠴᠡ ᠪᠠᠨ ᠭᠠᠷᠤᠭᠠᠤᠨ ᠨᠥᠭᠦᠭᠡ ᠨᠥᠭᠡ ᠣᠷᠤᠭᠤ ᠪᠠᠨ ᠭᠦᠶ‍ᠦᠭᠦ ᠦᠶ᠎ᠡ ᠳᠤ ᠬᠤᠷᠳᠤᠨ ᠭᠦᠶ‍ᠦᠳᠡᠭ᠌ ᠨᠢᠭᠡ ᠨᠢ ᠴᠢᠨ᠋ᠸ᠎ᠠ ᠶᠢ ᠬᠤᠷᠤᠰᠬᠠᠵᠤ ᠄

《ᠭᠦᠶ‍ᠦᠭᠡᠳ ᠢᠷᠡᠭᠦ ᠶᠢᠨ ᠭᠦᠵᠡᠭᠡ  ᠪᠠᠢ᠌ᠨ᠎ᠡ ᠦᠦ ︖

ᠭᠦᠭᠡᠭᠡᠭᠡᠳ ᠢᠷᠡᠭᠦ ᠶᠢᠨ ᠭᠦᠯ ᠪᠠᠢ᠌ᠨ᠎ᠠ ᠦᠦ ︖

ᠳᠠᠭᠤᠭᠠᠤᠨ ᠢᠷᠡᠭᠦ ᠶᠢᠨ ᠳᠤᠭᠤᠷᠠᠢ ᠪᠠᠢ᠌ᠨ᠎ᠠ ᠦᠦ ︖

ᠬᠠᠯᠳᠠᠭᠠᠤᠨ ᠢᠷᠡᠭᠦ ᠶᠢᠨ ᠬᠠᠪᠢᠷᠭ᠎ᠠ ᠪᠠᠢ᠌ᠨ᠎ᠠ ᠦᠦ ︖》 ᠭᠡᠭᠦ ᠮᠠᠳᠤ ᠪᠠᠷ ᠭᠡᠯᠡᠳᠡᠭ᠌᠃ ᠵᠠᠷᠢᠮ ᠲ᠋ᠠᠷᠪᠠᠭ᠎ᠠ ᠪᠣᠯᠤᠭᠰᠠᠨ ᠬᠡᠦᠬᠡᠳ ᠨᠥᠭᠡᠨ ᠳᠤ ᠪᠠᠨ ᠬᠤᠷᠭᠤᠳᠠᠭᠠᠤᠨ ᠭᠠᠷᠬᠤ ᠦᠭᠡᠶ ᠪᠣᠯ ᠴᠢᠨ᠋ᠸ᠎ᠠ ᠄

《ᠠᠶᠤᠮᠠᠳᠠᠭᠠᠢ ᠮᠦᠷᠳᠡᠭᠡᠨ ᠭᠢᠮᠡᠳᠡᠭᠡᠢ

ᠴᠢᠳᠠᠯ ᠦᠭᠡᠶ ᠮᠦᠷᠳᠡᠭᠡᠨ ᠬᠠᠰᠭᠢᠷᠤᠮᠠᠳᠠᠭᠠᠢ

ᠬᠤᠷᠳᠤ ᠴᠢᠳᠠᠯ ᠪᠠᠢ᠌ᠳᠠᠭ ᠪᠣᠯ

ᠬᠤᠷᠳᠤᠨ ᠨᠥᠭᠡᠨ ᠡᠴᠡ ᠪᠠᠨ ᠭᠠᠷᠴᠤ ᠢᠷ᠎ᠠ》 ᠭᠡᠵᠤ ᠥᠳᠦᠭᠡᠳᠡᠭ᠌᠃

ᠲ᠋ᠠᠪᠣ᠂ ᠳᠠᠭᠢᠶ᠎ᠠ ᠰᠤᠬᠤᠷ

ᠨᠢᠭᠡ ᠬᠡᠦᠬᠡᠳ ᠤᠨ ᠨᠢᠳᠤ ᠶᠢ ᠠᠯᠴᠢᠭᠤᠷ ᠶᠢᠡᠷ ᠪᠦᠳᠡᠭᠡᠵᠤ ᠣᠶᠠᠭᠠᠤᠨ 《ᠳᠠᠭᠢᠶ᠎ᠠ ᠰᠤᠬᠤᠷ》 ᠭᠡᠵᠤ ᠨᠡᠷᠡᠯᠡᠳᠡᠭ᠌᠃ ᠣᠯᠠᠨ ᠬᠡᠦᠬᠡᠳ 《ᠳᠡᠭᠢᠶ᠎ᠡ ᠰᠤᠬᠤᠷ》 ᠢ ᠳᠤᠭᠤᠷᠢᠵᠤ ᠵᠤᠭᠢᠬᠤ ᠵᠠᠢ ᠲᠡᠶ ᠵᠤᠭᠰᠤᠭᠠᠤᠨ ᠳᠡᠭᠦᠨ ᠢ ᠥᠳᠦᠭᠡᠨ᠎ᠡ᠃ 《ᠳᠠᠭᠢᠶ᠎ᠠ ᠰᠤᠬᠤᠷ》 ᠳᠤᠭᠤᠷᠢᠵᠤ ᠵᠤᠭᠰᠤᠭᠰᠠᠨ ᠬᠡᠦᠬᠡᠳ ᠢ ᠪᠠᠷᠢᠬᠤ ᠪᠠᠷ ᠣᠷᠤᠯᠳᠤᠬᠤ ᠳᠤ ᠳᠠᠳᠠ ᠳᠡᠭᠦᠨ ᠡᠴᠡ ᠵᠠᠢ᠌ᠯᠠᠵᠤ ᠪᠣᠯᠳᠠᠳᠠᠭ᠃ ᠭᠡᠭᠦ ᠳᠤ ᠪᠠᠨ ᠣᠷᠤᠨ ᠡᠴᠡ ᠪᠠᠨ ᠥᠩᠭᠡᠷᠡᠤ ᠵᠠᠢ᠌ᠳᠠᠵᠤ ᠪᠣᠯᠬᠤ ᠦᠭᠡᠶ᠂ ᠪᠠᠶ᠎ᠠ ᠪᠠᠨ ᠪᠠᠭ᠎ᠠ ᠵᠠᠢ᠌ᠯᠠᠰᠭᠢᠨ ᠰᠢᠯᠵᠢᠭᠦᠯᠭᠦ᠂ ᠰᠠᠭᠤᠬᠤ ᠵᠡᠷᠭᠡ ᠪᠠᠷ ᠠᠷᠭᠠᠴᠠᠭᠠᠳᠠᠭ᠃ ᠭᠡᠨ ᠭᠡᠷᠪᠡ ᠵᠠᠢ᠌ᠯᠠᠵᠤ ᠵᠠᠪᠳᠤᠬᠤ ᠦᠭᠡᠶ ᠪᠠᠷ 《ᠳᠠᠭᠢᠶ᠎ᠠ ᠰᠤᠬᠤᠷ》 ᠲᠤ ᠪᠠᠷᠢᠭᠳᠠᠪᠠᠯ ᠪᠠᠷᠢᠭᠳᠠᠭᠰᠠᠨ ᠡᠳᠡᠭᠡᠳ 《ᠳᠠᠭᠢᠶ᠎ᠠ ᠰᠤᠬᠤᠷ》 ᠪᠣᠯᠵᠤ ᠨᠠᠭᠠᠳᠤᠮ ᠦᠷᠭᠦᠯᠵᠢᠯᠡᠳᠡᠭ᠌ ᠪᠠᠢ᠌ᠨ᠎ᠠ᠃

ᠵᠢᠷᠭᠤᠭ᠎ᠠ᠂ ᠳᠡᠪᠠᠭ᠌ ᠢᠰᠭᠦᠯᠭᠦ

ᠢᠮᠠᠭᠠᠨ ᠰᠠᠬᠠᠯ ᠪᠣᠶᠤ ᠬᠤᠨᠢᠨ ᠣᠩᠭ᠋ᠠᠰᠤ ᠶᠢ ᠭᠤᠷᠪᠠ ᠪᠣᠶᠤ ᠳᠦᠷᠪᠠᠨ ᠭᠠᠤᠯᠢᠨ ᠵᠤᠭᠤᠰᠤᠨ ᠤ ᠨᠥᠭᠡᠨ ᠳᠤ ᠴᠢᠩᠭ᠋᠎ᠠ ᠰᠦᠪᠡᠯᠠᠵᠤ ᠳᠤᠭᠳᠠᠭᠠᠭᠠᠤᠨ ᠥᠩᠭᠡ ᠶᠢᠨ ᠪᠣᠳᠤᠭ ᠶᠢᠡᠷ ᠪᠣᠳᠤᠭᠰᠠᠨ ᠨᠠᠭᠠᠳᠤᠮ ᠤᠨ ᠭᠡᠷᠡᠭ᠍ᠰᠡᠯ ᠢ ᠳᠡᠪᠠᠭ᠌ ᠭᠡᠳᠡᠭ᠌᠃ ᠢᠩᠭᠢᠭᠡᠳ ᠳᠡᠪᠠᠭ᠌ ᠢ ᠭᠠᠵᠠᠷ ᠣᠨᠠᠭᠠᠬᠤ ᠦᠭᠡᠶ ᠢᠰᠭᠦᠯᠵᠤ ᠢᠰᠭᠦᠯᠦᠭ᠍ᠰᠡᠨ ᠶᠢᠡᠨ ᠳᠤᠭᠠᠯᠠᠵᠤ ᠣᠷᠤᠯᠳᠤᠨ ᠨᠠᠭᠠᠳᠳᠠᠭ᠃ ᠨᠠᠭᠠᠳᠬᠤ ᠠᠷᠭ᠎ᠠ ᠶᠢᠨ ᠳᠠᠯ᠎ᠠ ᠪᠠᠷ ᠭᠠᠭᠴᠠ ᠭᠦᠯ ᠶᠢᠡᠷ ᠢᠰᠭᠦᠯᠭᠦ᠂ ᠬᠤᠶᠠᠷ ᠭᠦᠯ ᠶᠢᠡᠷ ᠡᠭᠡᠯᠵᠢᠯᠡᠵᠤ ᠢᠰᠭᠦᠯᠭᠦ᠂ ᠭᠦᠯ ᠶᠢᠡᠨ ᠰᠤᠯᠪᠢᠴᠠᠭᠤᠯᠵᠤ ᠢᠰᠭᠦᠯᠭᠦ ᠵᠡᠷᠭᠡ ᠣᠯᠠᠨ ᠵᠣᠢ᠌ᠯ ᠪᠠᠢ᠌ᠳᠠᠭ᠃ ᠢᠰᠭᠦᠯᠵᠤ ᠨᠠᠭᠠᠳᠬᠤ ᠳᠤᠭᠯᠠᠭᠠᠮ ᠳᠤ ᠨᠤᠤᠰᠤᠨ ᠪᠦᠮᠪᠦᠭᠡ ᠪᠠ ᠰᠢᠠᠳᠤᠤ ᠢᠰᠭᠦᠯᠭᠦ ᠭᠡᠵᠤ ᠪᠣᠢ᠃ ᠨᠤᠤᠰᠤᠨ ᠪᠦᠮᠪᠦᠭᠡ ᠪᠣᠯ ᠬᠤᠨᠢ᠂ ᠢᠮᠠᠭ᠎ᠠ᠂ ᠥᠭᠡᠷ ᠤᠨ ᠨᠤᠤᠰᠤ ᠣᠩᠭ᠋ᠠᠰᠤ ᠶᠢ ᠢᠰᠡᠭᠡᠢ ᠭᠢᠭᠦ ᠰᠢᠭ᠌ ᠪᠣᠯᠪᠠᠰᠤᠷᠠᠭᠤᠯᠤᠨ ᠪᠦᠮᠭᠦᠭᠡᠨ ᠭᠡᠯᠪᠠᠷᠢᠳᠡᠢ ᠪᠣᠯᠭᠠᠳᠠᠭ᠃ ᠢᠩᠭᠢᠭᠡᠳ ᠮᠦᠨ ᠳᠡᠪᠠᠭ᠌ ᠰᠢᠭ᠌ ᠢᠰᠭᠦᠯᠵᠤ ᠨᠠᠭᠠᠳᠳᠠᠭ᠃ ᠰᠢᠠᠳᠤᠤ ᠭᠡᠳᠡᠭ᠌ ᠪᠣᠯ ᠥᠭᠡᠷ ᠤᠨ ᠳᠠᠪᠣᠰᠠᠩ ᠢ ᠡᠯᠳᠡᠵᠤ ᠪᠣᠯᠪᠠᠰᠤᠷᠠᠭᠤᠯᠤᠨ ᠦᠯᠢᠶᠡᠭᠡᠳ ᠳᠡᠪᠠᠭ᠌ ᠰᠢᠭ᠌ ᠢᠰᠭᠦᠯᠭᠦ ᠪᠣᠶᠤ ᠳᠡᠭᠡᠭ᠍ᠰᠢ ᠢᠰᠭᠦᠯᠵᠤ ᠪᠣᠯᠢᠶᠠᠯᠳᠤᠬᠤ ᠵᠡᠷᠭᠡ ᠠᠷᠭ᠎ᠠ ᠪᠠᠷ ᠨᠠᠭᠠᠳᠳᠠᠭ ᠪᠠᠢ᠌ᠨ᠎ᠠ᠃




ᠵᠤᠬᠢᠶᠠᠭᠴᠢ᠄ ᠨᠤᠭᠤᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7492
ᠴᠠᠭ᠄ 2010 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ