ᠬᠤᠱᠤᠩ ᠥᠭᠡ
ᠣᠯᠠᠭᠠᠨ ᠢ ᠦᠵᠡᠪᠠᠯ ᠣᠷᠪᠠᠵᠤ
ᠭᠦᠭᠡ ᠶᠢ ᠦᠵᠡᠪᠠᠯ ᠭᠦᠷᠪᠠᠭᠦ
ᠡᠵᠡᠨ ᠦᠭᠡᠶ ᠭᠠᠵᠠᠷ
ᠦᠮᠦᠳᠦ ᠦᠭᠡᠶ ᠬᠠᠭᠠᠨ
ᠰᠢᠳᠢ ᠥᠵᠡᠭᠦᠯᠭᠦ ᠭᠡᠳ
ᠰᠢᠪᠰᠢᠭ᠌ ᠶᠢᠡᠨ ᠥᠵᠡᠭᠦᠯᠭᠦ
ᠭᠡᠷᠢᠶ᠎ᠡ ᠭᠠᠬᠠᠢ ᠶᠢᠨ ᠳᠡᠭᠡᠷ᠎ᠡ ᠰᠠᠭᠤᠭᠠᠤᠨ
ᠭᠠᠬᠠᠢ ᠶᠢ ᠬᠠᠷ᠎ᠠ ᠭᠡᠪᠡ
ᠵᠢᠷᠠ ᠭᠦᠷᠴᠤ ᠣᠬᠠᠭᠠᠷᠠᠭᠠᠤᠨ
ᠵᠢᠷᠠᠨ ᠨᠢᠭᠡ ᠲᠡᠶ ᠥᠭᠦᠭᠦ
ᠢᠳᠡᠭᠦ ᠨᠢ ᠡᠷ᠎ᠡ ᠪᠣᠬ᠎ᠠ
ᠶᠠᠪᠣᠬᠤ ᠨᠢ ᠬᠠᠱᠠᠩ ᠪᠣᠬ᠎ᠠ
ᠵᠠᠭᠤᠨ ᠢᠮᠠᠭ᠎ᠠ ᠳᠤ ᠪᠠᠨ
ᠵᠢᠷᠠᠨ ᠤᠬᠤᠨ᠎ᠠ
ᠰᠠᠨᠠᠭ᠎ᠠ ᠨᠢ ᠳᠡᠭ᠍ᠷᠢ ᠳᠤ
ᠰᠠᠯᠳᠠᠭ᠎ᠠ ᠨᠢ ᠭᠠᠵᠠᠷ ᠲᠤ
ᠪᠦᠭ᠍ᠰᠡᠨ ᠳᠤ ᠪᠠᠨ ᠭᠦᠷᠭᠦ ᠦᠭᠡᠶ ᠭᠠᠷ ᠶᠢᠡᠨ
ᠳᠡᠭ᠍ᠷᠢ ᠥᠭᠡᠳᠡ ᠰᠠᠷᠪᠠᠢ᠌ᠬᠤ
ᠠᠮᠠᠨ ᠳᠤ ᠪᠠᠨ ᠡᠨ ᠦᠭᠡᠶ
ᠠᠯᠠᠭᠠᠨ ᠳᠤ ᠪᠠᠨ ᠫᠠᠤᠨ ᠦᠭᠡᠶ
ᠭᠡᠭᠡᠷ ᠠᠯᠠᠭ ᠡᠴᠡ ᠰᠢᠭᠢᠷ᠎ᠠ ᠠᠯᠠᠭ
ᠭᠡᠯᠳᠡᠩ ᠭᠡᠭᠦᠤ ᠡᠴᠡ ᠱᠤᠪᠳᠤᠩ ᠣᠨᠠᠭ᠎ᠠ
ᠲᠦᠷᠦᠭᠡᠳᠦᠢ ᠬᠡᠦᠬᠡᠳ ᠲᠤ ᠪᠠᠨ
ᠳᠠᠮᠤᠷ ᠦᠯᠦᠭᠡᠢ
ᠠᠰᠯᠠᠨᠠ ᠭᠡᠳ ᠠᠷᠪᠠ ᠬᠤᠨᠤᠬᠤ
ᠳᠦᠳᠠᠯᠠᠨᠠ ᠭᠡᠳ ᠳᠦᠷᠪᠠ ᠬᠤᠨᠤᠬᠤ
ᠠᠯᠬᠤᠬᠤ ᠡᠴᠡ ᠪᠠᠨ ᠡᠮᠦᠨ᠎ᠡ
ᠭᠦᠶᠦᠭᠦ ᠶᠢ ᠪᠣᠳᠤᠬᠤ
ᠡᠪᠠᠰᠤᠨ ᠳᠤ ᠣᠷᠢᠶᠠᠪᠠᠴᠤ ᠥᠭᠡᠷ ᠢᠳᠡᠭᠦ ᠦᠭᠡᠶ
ᠥᠭᠡᠭᠦᠨ ᠳᠤ ᠪᠣᠭᠤᠪᠠᠴᠤ ᠨᠤᠬᠠᠢ ᠰᠢᠩᠰᠢᠭᠦ ᠦᠭᠡᠶ
ᠡᠪᠠᠷ ᠰᠢᠭᠠᠪᠠᠯ ᠥᠭᠡᠷ
ᠰᠡᠭᠦᠯ ᠰᠢᠭᠠᠪᠠᠯ ᠡᠯᠵᠢᠭᠡ
ᠨᠢᠳᠤᠨ ᠳᠤ ᠣᠷᠤᠭᠰᠠᠨ ᠬᠤᠭ
ᠰᠢᠳᠤᠨ ᠳᠤ ᠣᠷᠤᠭᠰᠠᠨ ᠮᠢᠬ᠎ᠠ
ᠪᠠᠳᠠᠭᠠᠨ᠎ᠠ ᠳᠤ ᠰᠠᠯᠡᠮ᠎ᠠ ᠰᠤᠭᠤᠯᠵᠤ
ᠪᠦᠭᠡᠰᠤᠨ ᠳᠤ ᠭᠢᠳᠤᠭ᠎ᠠ ᠭᠡᠷᠡᠭᠯᠡᠭᠦ
ᠬᠤᠯᠤᠭᠠᠨ᠎ᠠ ᠶᠢ ᠮᠠᠭᠳᠠᠭᠠᠤᠨ
ᠵᠠᠭᠠᠨ ᠪᠣᠯᠭᠠᠬᠤ
ᠪᠣᠭᠤᠷᠰᠤᠭ ᠵᠢᠷᠤᠵᠤ
ᠭᠡᠳᠡᠰᠤ ᠪᠠᠨ ᠬᠠᠭᠤᠷᠬᠤ
ᠪᠣᠳᠠᠭᠠᠨ ᠤ ᠪᠠᠷᠠᠮᠠᠯ
ᠪᠠᠭᠠᠰᠤᠨ ᠤ ᠳᠤᠯᠤᠮ
ᠭᠡᠷᠡᠭ᠌ ᠤᠨ ᠡᠵᠡᠨ
ᠭᠡᠩᠭᠡᠷᠭᠡ ᠶᠢᠨ ᠳᠤᠭᠢᠭᠤᠷ
ᠭᠡᠯᠡᠭ᠍ᠰᠡᠨ ᠶᠢᠡᠨ ᠮᠠᠯᠵᠢᠵᠤ
ᠭᠡᠭᠡᠷᠡᠭ᠍ᠰᠡᠨ ᠶᠢᠡᠨ ᠵᠠᠯᠭᠢᠬᠤ
ᠰᠠᠨᠠᠭ᠎ᠠ ᠨᠢ ᠳᠡᠯᠡᠭᠡᠢ
ᠴᠢᠳᠠᠯ ᠨᠢ ᠮᠡᠯᠡᠭᠡᠢ
ᠲ᠋ᠠᠭᠢᠵᠤ ᠳᠦᠷᠦᠭᠡᠳ
ᠳᠠᠯᠠᠢ ᠶᠢᠨ ᠣᠰᠤ ᠪᠠᠷ ᠣᠭᠢᠶᠠᠪᠠᠯ ᠳ᠋ᠠ
ᠮᠠᠳᠠᠨ᠎ᠠ ᠮᠠᠳᠠᠨ᠎ᠠ ᠭᠡᠭ᠍ᠰᠡᠭᠡᠷ
ᠮᠡᠯᠡᠭᠡᠢ ᠶᠢ ᠠᠪᠣᠭᠠᠤᠨ ᠭᠠᠠᠵᠤᠭᠠᠯᠠᠬᠤ
ᠮᠢᠬᠠᠨ ᠣᠪᠣᠭ᠎ᠠ
ᠮᠠᠯᠠᠭᠠᠢ ᠶᠢᠨ ᠳᠠᠯᠪᠢᠭᠤᠷ
ᠠᠭᠤᠯᠠ ᠶᠢᠨ ᠪᠣᠭᠤ ᠶᠢ ᠬᠠᠷᠠᠭᠠᠤᠨ
ᠣᠨᠤᠭᠰᠠᠨ ᠪᠣᠬ᠎ᠠ ᠪᠠᠨ ᠬᠠᠶᠠᠪᠠ
ᠬᠣᠢ᠌ᠳᠤ ᠬᠤᠷᠮᠤᠢ ᠪᠠᠨ ᠠᠪᠴᠤ
ᠣᠷᠳᠤ ᠬᠤᠷᠮᠤᠢ ᠪᠠᠨ ᠨᠥᠭᠦᠭᠦ
ᠬᠠᠯᠳᠠᠵᠤ ᠪᠣᠯᠬᠤ ᠦᠭᠡᠶ
ᠬᠠᠷ᠎ᠠ ᠬᠠᠮᠠᠭᠤ
ᠵᠡᠭᠦᠨ ᠴᠢᠭᠢ ᠪᠠᠷ ᠨᠢ ᠣᠷᠤᠭᠠᠤᠨ
ᠪᠠᠷᠠᠭᠤᠨ ᠴᠢᠭᠢ ᠪᠠᠷ ᠨᠢ ᠭᠠᠷᠤᠨ᠎ᠠ
ᠨᠤᠬᠠᠢ ᠳᠤ ᠪᠠᠨ ᠢᠳᠡᠭᠡᠭᠡᠳ
ᠭᠡᠷ ᠲᠤ ᠪᠠᠨ ᠪᠠᠭᠠᠪᠠ
ᠡᠯᠵᠢᠭᠡ ᠭᠦᠡᠳᠤ ᠳᠤ ᠪᠠᠨ ᠵᠢᠷᠤᠭ᠎ᠠ
ᠭᠡᠷᠢᠶ᠎ᠡ ᠭᠠᠯᠠᠭᠤ ᠶᠢ ᠳᠠᠭᠤᠷᠢᠶᠠᠵᠤ
ᠣᠰᠤᠨ ᠳᠤ ᠣᠨᠠᠵᠤ ᠥᠭᠦᠪᠡ
ᠰᠤᠬᠤᠷ ᠮᠤᠤᠷ ᠲᠤ
ᠥᠭᠦᠭ᠍ᠰᠡᠨ ᠬᠤᠯᠤᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7477
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ