ᠨᠡᠪᠲᠡᠷᠡᠨ ᠤᠷᠤᠬᠤ
ᠨᠤᠳᠤᠭ ᠲᠤ ᠪᠠᠨ ᠭᠡᠯᠡᠭᠦ ᠥᠭᠡ

ᠨᠠᠭᠤᠷ ᠶᠢᠡᠨ ᠭᠤᠯᠤᠭᠰᠠᠨ ᠭᠠᠯᠠᠭᠤ ᠡᠷᠭᠢᠭᠦ ᠦᠭᠡᠶ ᠭᠡᠵᠤ

ᠨᠤᠭᠤᠭᠠᠨ ᠳᠠᠯ᠎ᠠ ᠮᠢᠨᠢ ᠴᠤᠤᠷᠢᠶᠠᠳᠤᠭᠰᠠᠨ

ᠨᠤᠳᠤᠭ ᠶᠢᠡᠨ ᠭᠤᠯᠤᠭᠰᠠᠨ ᠭᠦᠮᠤᠨ ᠳᠡᠪᠢᠯᠭᠦ ᠦᠭᠡᠶ ᠭᠡᠵᠤ

ᠨᠤᠭᠤᠭᠠᠨ ᠳᠠᠷᠬᠠᠨ ᠮᠢᠨᠢ ᠥᠭᠦᠯᠡᠭ᠍ᠰᠡᠨ

      ᠨᠤᠳᠤᠭ ᠮᠢᠨᠢ ᠡ ︕

      ᠦᠷ᠎ᠡ ᠴᠢᠨᠢ ᠳᠠᠨ ᠳᠤ ᠪᠠᠨ ︕

ᠭᠦᠭᠡ ᠮᠤᠩᠭ᠋ᠤᠯ ᠤᠨ ᠦᠷᠠᠰ ᠪᠢ

ᠭᠦᠯᠦᠭ᠌ ᠮᠤᠷᠢᠨ ᠳᠤ ᠪᠠᠨ ᠬᠠᠢ᠌ᠷᠠᠳᠠᠢ ︕

ᠭᠦᠭᠡ ᠪᠠᠷ ᠳᠠᠮᠪᠠᠷᠢᠯ ᠶᠢᠡᠨ ᠪᠣᠯᠭᠠᠭᠰᠠᠨ

ᠭᠦᠭ᠍ᠵᠢᠭᠦ ᠨᠤᠳᠤᠭ ᠲᠤ ᠪᠠᠨ ᠬᠠᠢ᠌ᠷᠠᠳᠠᠢ ︕

      ᠨᠤᠳᠤᠭ ᠮᠢᠨᠢ ᠡ ︕

      ᠦᠷ᠎ᠡ ᠴᠢᠨᠢ ᠳᠠᠨ ᠳᠤ ᠪᠠᠨ ︕

ᠠᠳᠬᠤ ᠰᠢᠷᠤᠢ ᠶᠢᠨ ᠴᠢᠨᠢ ᠭᠠᠪᠢᠶ᠎ᠠ ᠵᠢ

ᠠᠯᠳᠠᠨ ᠳᠡᠯᠡᠭᠡᠢ ᠳᠤ ᠳᠠᠭᠤᠷᠢᠰᠤᠭᠤᠯᠤᠶ᠎ᠠ ︕

ᠠᠷᠢᠭᠤᠨ ᠡᠷᠳᠡᠮ ᠤᠨ ᠠᠴᠢ ᠪᠠᠷ

ᠠᠭᠤᠤ ᠣᠢ᠌ᠯᠠᠰ ᠲᠤ ᠪᠠᠨ ᠵᠢᠳᠭᠦᠶ᠎ᠡ ︕

      ᠨᠤᠳᠤᠭ ᠮᠢᠨᠢ ᠡ ︕

      ᠦᠷ᠎ᠡ ᠴᠢᠨᠢ ᠳᠠᠨ ᠳᠤ ᠪᠠᠨ ︕

ᠰᠤᠷᠭᠤᠭ ᠴᠡᠴᠡᠭᠡᠰ ᠢ ᠠᠮᠢᠯᠠᠭᠤᠯᠬᠤ ᠨᠢ

ᠥᠭ᠍‍ᠭᠢᠶᠡᠮᠦᠷ ᠬᠤᠷ᠎ᠠ ᠶᠢᠨ ᠰᠢᠮ᠎ᠠ ᠶᠤᠮ

ᠰᠤᠶᠤᠯ ᠮᠡᠳᠡᠯᠭᠡ ᠶᠢ ᠭᠦᠷᠳᠡᠭᠡᠭᠦ ᠨᠢ

ᠥᠳᠡᠯᠦᠭᠡ ᠪᠠᠭᠰᠢ ᠶᠢᠨ ᠠᠴᠢ ᠶᠤᠮ

      ᠨᠤᠳᠤᠭ ᠮᠢᠨᠢ ᠡ ︕

      ᠦᠷ᠎ᠡ ᠴᠢᠨᠢ ᠳᠠᠨ ᠳᠤ ᠪᠠᠨ ︕

ᠭᠡᠰᠡᠭ᠌ ᠴᠢᠯᠠᠭᠤ ᠨᠢ ᠪᠣᠯᠵᠤ

ᠭᠡᠷᠡᠰᠭᠡ ᠳᠤ ᠴᠢᠨᠢ ᠨᠠᠮᠠᠷᠢ ᠪᠣᠯᠤᠶ᠎ᠠ ︕

ᠰᠢᠷᠭᠡᠭ᠌ ᠡᠪᠠᠰᠤ ᠨᠢ ᠪᠣᠯᠵᠤ

ᠰᠢᠳᠤᠯᠠᠩ ᠳᠤ ᠴᠢᠨᠢ ᠬᠤᠭᠤᠯᠠ ᠨᠠᠮᠠᠶ᠎ᠠ ︕

      ᠨᠤᠳᠤᠭ ᠮᠢᠨᠢ ᠡ ︕

      ᠦᠷ᠎ᠡ ᠴᠢᠨᠢ ᠳᠠᠨ ᠳᠤ ᠪᠠᠨ ︕


ᠵᠤᠬᠢᠶᠠᠭᠴᠢ ᠶᠢᠨ ᠬᠠ‍‌ᠶᠢᠭ ᠄ ᠳᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠬᠤᠸᠠᠬᠤᠰᠢᠭᠤ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠦᠯᠠᠮᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3035
ᠴᠠᠭ᠄ 2012 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ