☆ ᠪᠦᠭᠡᠴᠢᠯᠡᠭᠤ
ᠠᠮᠢᠨ ᠪᠣᠳᠠᠷᠬᠠᠢ ᠪᠠᠳᠠᠭ
ᠠᠪᠣᠷᠭᠤ ᠡᠨᠡ ᠣᠷᠴᠢᠯᠠᠩ ᠤᠨ
ᠠᠯᠳᠠᠩᠬᠠᠨ ᠰᠢᠷᠤᠢ ᠳᠤ ᠨᠢ ᠣᠨᠠᠵᠤ ᠵᠠᠶᠠᠭᠠᠬᠤ ᠳᠤ ᠪᠠᠨ
ᠠᠭᠠᠭ ᠤᠨ ᠣᠮᠤᠭ ᠲᠡᠶ ᠣᠭᠢᠯᠠᠵᠤ ᠳᠦᠷᠦᠭ᠍ᠰᠡᠨ ᠶᠤᠮ
ᠠᠪᠣ ᠶᠢᠨ ᠭᠦᠤ ᠶᠢᠨ ᠠᠯᠳᠠᠵᠤ ᠣᠨᠤᠬᠤ ᠵᠢ
ᠠᠪᠤᠨ ᠳᠠᠯᠪᠢᠨ ᠠᠷᠭᠤᠮᠠᠭ ᠶᠠᠪᠣᠭᠰᠠᠨ ᠶᠤᠮ
ᠠᠶᠠᠯᠭᠤ ᠵᠥᠭᠡᠯᠡᠨ ᠬᠠᠨᠢ ᠶᠢᠨ ᠵᠢᠠᠨ
ᠠᠪᠣᠷᠢ ᠶᠢ ᠳᠤᠭᠤᠨ ᠠᠮᠢᠳᠤᠷᠠᠭᠰᠠᠨ ᠶᠤᠮ
ᠠᠷᠠᠢ ᠭᠡᠳᠦᠷᠡᠭᠦᠯᠦᠭ᠍ᠰᠡᠨ ᠨᠢᠭᠡᠨ ᠵᠠᠩ ᠳᠤ ᠪᠠᠨ
ᠠᠬᠠᠳᠠᠳᠠᠯᠠ ᠰᠤᠭᠳᠤᠵᠤ ᠰᠦᠷᠡᠭᠡᠢ ᠡᠮᠵᠡᠭᠯᠡᠭ᠍ᠰᠡᠨ ᠶᠤᠮ
ᠠᠩᠭ᠋ᠠᠷᠠᠭ ᠳᠠᠩᠭ᠋ᠠᠷᠠᠭ ᠮᠦᠰᠤ ᠶᠢ ᠪᠠᠨ
ᠠᠩᠬᠠᠨ ᠶᠠᠷᠤ ᠳᠤᠰᠢᠶᠠᠭᠰᠠᠨ ᠶᠤᠮ
ᠠᠯᠪᠢᠨ ᠡᠨᠡ ᠶᠢᠷᠳᠢᠠᠴᠤ ᠳ᠋ᠤ
ᠠᠭᠠᠰᠢ ᠪᠠᠨ ᠭᠡᠵᠢᠶᠡᠳᠡ ᠬᠠᠯᠠᠭᠰᠠᠨ ᠦᠭᠡᠶ ᠶᠤᠮ
ᠠᠷᠪᠠᠨ ᠵᠢᠸ᠎ᠠ ᠮᠥᠩᠭᠡ ᠵᠢ
ᠠᠷᠤ ᠬᠣᠢ᠌ᠴᠢᠰ ᠲᠤ ᠪᠠᠨ ᠵᠠᠭᠢᠭᠰᠠᠨ ᠶᠤᠮ
ᠠᠶᠤᠮᠠᠷ ᠭᠡᠴᠡᠭᠦᠤ ᠪᠦᠳᠦᠷᠢᠯ ᠵᠢᠠᠨ
ᠠᠯᠳᠠ ᠡᠴᠠ ᠦᠨᠡᠳᠠᠢ ᠰᠤᠷᠭᠠᠭᠰᠠᠨ ᠶᠤᠮ
ᠠᠭᠢᠨ ᠥᠭᠡᠷᠡᠳᠡᠭᠦ ᠣᠷᠴᠢᠯᠠᠩ ᠢ
ᠠᠳᠬᠤᠵᠤ ᠠᠯᠳᠠᠬᠤ ᠦᠭᠡᠶ ᠶᠢ ᠳᠤᠭᠤᠯᠤᠭᠤᠯᠤᠭᠰᠠᠨ ᠶᠤᠮ
ᠠᠯᠢᠪᠠ ᠳᠡᠦᠭᠡ ᠶᠢᠨ ᠳᠤᠯᠢ ᠵᠢ
ᠠᠷᠤᠭ ᠰᠠᠪᠠᠷ ᠰᠢᠭ ᠳᠡᠭᠦᠭ᠍ᠰᠡᠨ ᠶᠤᠮ
ᠠᠶᠤᠤᠯᠢᠬᠠᠢ ᠴᠡᠭᠡᠵᠢ ᠶᠢᠨ ᠶᠢᠡᠨ ᠥᠭᠡ ᠵᠢ
ᠠᠮᠠᠨ ᠳᠤ ᠪᠠᠨ ᠵᠠᠯᠭᠢᠭᠰᠠᠨ ᠦᠭᠡᠶ ᠭᠡᠯᠡᠭ᠍ᠰᠡᠨ ᠶᠤᠮ
ᠠᠶᠤᠵᠤ ᠪᠣᠯᠳᠠᠭ ᠦᠭᠡᠶ ᠶᠠᠷᠢᠬᠤ ᠪᠠᠨ
ᠠᠯᠪᠠᠨ ᠵᠠᠰᠠᠭ ᠲᠤ ᠵᠢᠳᠠᠯᠠᠭᠰᠠᠨ ᠶᠤᠮ
ᠠᠬ᠎ᠠ ᠳᠡᠭᠦᠤ ᠦᠨᠳᠦᠰᠦᠳᠠᠨ ᠨᠠᠢ᠌ᠵᠠ ᠨᠡᠷ ᠲᠤ ᠪᠠᠨ
ᠠᠯᠠᠭ ᠦᠭᠡᠶ ᠦᠨᠡᠨ ᠶᠢᠡᠨ ᠳᠡᠯᠭᠡᠭ᠍ᠰᠡᠨ ᠶᠤᠮ
ᠠᠬᠠᠢ ᠣᠤᠬᠠᠢ ᠰᠠᠨᠠᠭ᠎ᠠ ᠪᠠᠨ
ᠠᠢ᠌ᠯᠴᠢᠯᠠᠬᠤ ᠰᠢᠭ ᠨᠢᠭᠤᠭᠰᠠᠨ ᠦᠭᠡᠶ ᠶᠤᠮ
ᠠᠶ᠎ᠠ ᠳᠠᠭᠤᠨ ᠤ ᠡᠭᠡᠰᠢᠭ᠌ ᠳᠤ
ᠠᠷᠭᠠᠯ ᠭᠡᠮᠡᠷ ᠭᠦᠭ᠍ᠵᠢᠭᠡᠭ᠍ᠰᠡᠨ ᠶᠤᠮ
ᠠᠽᠢᠶ᠎ᠠ ᠧᠦᠷᠦᠫᠡ ᠶᠢᠨ ᠳᠤᠭᠤᠷᠠᠢ ᠶᠢᠨ ᠣᠷᠤᠮ ᠢ
ᠠᠯᠮᠠᠩ ᠰᠠᠷ᠎ᠠ ᠰᠢᠭ ᠣᠩᠰᠢᠭᠰᠠᠨ ᠶᠤᠮ
ᠠᠢ᠌ᠯ ᠤᠨ ᠰᠠᠢ᠌ᠬᠠᠨ ᠰᠠᠭᠠᠬᠠᠯᠳᠠ ᠳᠤ ᠪᠠᠨ
ᠠᠮᠢᠨ ᠨᠠᠢ᠌ᠷᠠᠭ ᠭᠡᠮᠨᠡᠭ᠍ᠰᠡᠨ ᠶᠤᠮ
ᠠᠯᠬᠤᠵᠤ ᠭᠦᠷᠭᠦ ᠴᠢᠭ᠌ ᠲᠤ ᠪᠠᠨ
ᠠᠶᠠᠨ ᠵᠢᠯᠤᠭᠤ ᠭᠦᠡᠳᠦᠷᠡᠭᠦᠯᠦᠭ᠍ᠰᠡᠨ ᠶᠤᠮ
ᠠᠮᠠᠷᠠᠭ ᠰᠡᠳᠭᠢᠯ ᠤᠨ ᠭᠦᠨ ᠳᠤ ᠪᠠᠨ
ᠠᠴᠢᠶ᠎ᠠ ᠭᠦᠡᠳᠤ ᠮᠤᠷᠳᠠᠭᠰᠠᠨ ᠶᠤᠮ
ᠠᠢ᠌ᠷᠠᠭ ᠨᠠᠢ᠌ᠷᠠᠭ ᠬᠤᠶᠠᠷ ᠵᠢᠠᠨ
ᠠᠯᠵᠢᠶᠠᠯ ᠦᠭᠡᠶ ᠪᠢᠴᠢᠭᠯᠡᠭ᠍ᠰᠡᠨ ᠶᠤᠮ
ᠵᠤᠬᠢᠶᠠᠭᠴᠢ ᠶᠢᠨ ᠬᠠᠶᠢᠭ᠄ ᠣᠯᠠᠭᠠᠢ ᠬᠠᠮᠢᠶᠠᠷᠤᠯᠳᠠ ᠶᠢᠨ ᠣᠷᠤᠨ
ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ