☆ ᠰᠤ᠋·ᠰᠠᠠᠳᠠᠭᠵᠠᠪ
ᠠᠳᠤᠭᠤ ᠮᠠᠨᠠᠭᠰᠠᠨ ᠰᠦᠨᠢ
ᠮᠥᠩᠭᠦᠨ ᠰᠠᠷᠠᠨ ᠤ ᠭᠡᠷᠡᠯ ᠭᠦᠭᠦᠭ᠍ᠰᠡᠨ
ᠨᠠᠮᠤᠷ ᠤᠨ ᠰᠦᠨᠢ ᠪᠠᠷ
ᠮᠦᠰᠢᠶᠠᠯ ᠤᠨ ᠰᠠᠴᠤᠷᠠᠯ ᠲᠡᠶ ᠬᠠᠢ᠌ᠷ᠎ᠠ ᠭᠦᠯᠭᠦᠭ᠍ᠰᠡᠨ
ᠬᠤᠤᠰ ᠵᠠᠯᠠᠭᠤ
ᠪᠣᠰᠤᠭ᠎ᠠ ᠥᠰᠦᠭ᠌ ᠢ ᠳᠦᠰᠢᠭᠦᠯᠦᠭᠡᠳ
ᠪᠣᠷᠤ ᠵᠢᠷᠦᠭᠡ ᠪᠠᠨ ᠴᠤ ᠢᠯᠡᠭᠡᠭ᠍ᠰᠡᠨ
ᠢᠨᠠᠭ ᠤᠨ ᠵᠠᠭᠢᠳᠠᠯ ᠰᠢᠭ ᠬᠠᠷᠠᠭᠳᠠᠬᠤ
ᠠᠳᠤᠭᠤᠨ ᠰᠥᠷᠦᠭ᠌ ᠶᠢᠡᠨ ᠪᠠᠷᠠᠳᠠᠨ
ᠣᠤᠳᠠ ᠬᠤᠯᠪᠤᠨ ᠬᠠᠳᠠᠷᠠᠭᠤᠯᠤᠨᠠ᠃
ᠰᠡᠷᠢᠭᠦᠤ ᠳᠠᠳᠠᠭᠰᠠᠨ ᠴᠡᠭᠡᠨ ᠠᠭᠠᠷ
ᠰᠠᠷᠠᠭᠤᠯᠬᠠᠨ ᠳᠠᠯ᠎ᠠ ᠳᠡᠭᠡᠷ᠎ᠡ ᠠᠯᠢᠶᠠᠷᠬᠠᠨ ᠭᠦᠷᠪᠠᠵᠤ
ᠠᠨᠢᠷ ᠴᠢᠮᠡᠭᠡ ᠦᠭᠡᠶ᠂
ᠠᠨᠢᠷ ᠴᠢᠮᠡᠭᠡ ᠦᠭᠡᠶ ᠶᠢᠨ ᠳᠤᠳᠤᠷᠠᠭᠢ ᠠᠨᠢᠷ ᠴᠢᠮᠡᠭᠡ
ᠠᠮᠠᠷᠠᠭ ᠤᠨ ᠰᠢᠪᠠᠨᠡᠭᠡ
ᠠᠰᠠᠭᠤᠯᠳᠠ ᠶᠢᠨ ᠬᠠᠷᠢᠭᠤ ᠭᠦᠯᠢᠶᠡᠭᠦ ᠳᠠᠰᠢᠷᠠᠮ ᠰᠤᠨᠢᠷᠳᠠᠬᠤ
ᠠᠳᠤᠭᠤᠨ ᠰᠥᠷᠦᠭ᠌ ᠤᠨ ᠭᠦᠯ ᠤᠨ ᠳᠠᠭᠤ᠂
ᠰᠠᠷ᠎ᠠ ᠲᠡᠶ ᠳᠡᠭ᠍ᠷᠢ ᠶᠢᠨ ᠳᠤᠤᠷᠠᠭᠢ
ᠰᠠᠢ᠌ᠬᠠᠨ ᠳᠤᠩᠭ᠋ᠠᠯᠠᠭ ᠰᠦᠨᠢ
ᠨᠢᠭᠤᠭᠰᠠᠨ ᠪᠦᠭᠦᠨ ᠵᠢᠠᠨ
ᠠᠭᠤᠳᠠᠯᠠᠨ ᠵᠤᠭᠤᠭᠳᠠᠮᠠᠷ
ᠣᠶᠠᠷᠠᠮᠠ ᠰᠦᠨᠢ
ᠠᠮᠠᠷᠠᠭ ᠬᠤᠤᠰ ᠲᠤ ᠪᠡᠯᠡᠳᠭᠡᠭ᠍ᠰᠡᠨ
ᠷᠤᠮᠠᠠᠲ᠋ᠢᠭ ᠢᠨᠠᠭ ᠤᠨ ᠳᠢᠩᠭᠢᠮ ᠰᠢᠭ᠌
ᠵᠤᠭᠠᠴᠠᠯ ᠤᠨ ᠦᠵᠡᠮᠵᠢᠳᠤ
ᠵᠢᠶᠠᠩᠨᠠᠨ ᠣᠷᠤᠨ ᠳᠤ ᠪᠠᠢ᠌ᠭ᠎ᠠ ᠥᠭᠡᠢ
ᠠᠮᠸᠷᠢᠺᠠ᠂ ᠧᠥᠷᠦᠫᠡ ᠵᠢᠨ
ᠠᠯᠢᠨ ᠳ᠋ᠤᠨᠢ ᠴᠤ ᠪᠠᠢ᠌ᠭ᠎ᠠ ᠥᠭᠡᠢ
ᠡᠨᠡ ᠰᠦᠨᠢ
ᠵᠥᠪᠭᠡᠨ ᠮᠤᠩᠭ᠋ᠤᠯ ᠳᠤ ᠪᠠᠢ᠌ᠳᠠᠭ ᠰᠦᠨᠢ᠃
ᠠᠭᠤᠤ ᠳᠡᠭᠡᠳᠦᠰ ᠲᠡᠶ ᠨᠢ ᠬᠠᠮᠳᠤ
ᠠᠯᠳᠠᠨ ᠪᠦᠮᠪᠦᠷᠴᠡᠭ᠌ ᠢ ᠳᠤᠩᠭ᠋ᠤᠰᠤᠯᠤᠭᠰᠠᠨ
ᠠᠳᠤᠭᠤ ᠪᠠᠨ
ᠠᠳᠬᠤ ᠵᠢᠷᠦᠭᠡ ᠶᠢ ᠨᠢ ᠯᠤᠭᠰᠢᠭᠤᠯᠤᠨ ᠢᠷᠡᠳᠡᠭ᠌
ᠠᠮᠠᠷᠠᠭ ᠬᠠᠢ᠌ᠷ᠎ᠠ ᠲᠡᠶ ᠪᠠᠨ ᠬᠠᠮᠳᠤ ᠳ᠋ᠤᠨᠢ
ᠳᠦᠷᠪᠡᠨ ᠭᠦᠯ ᠲᠡᠶ ᠴᠢᠨ᠋ᠸ᠎ᠠ ᠡᠴᠡ
ᠬᠤᠶᠠᠷ ᠭᠦᠯ ᠲᠡᠶ ᠬᠤᠭᠢᠮᠢ ᠡᠴᠡ
ᠬᠠᠷᠠᠮᠨᠠᠨ ᠬᠠᠷᠠᠮᠨᠠᠨ ᠮᠠᠨᠠᠳᠠᠭ ᠶᠤᠮ
ᠬᠠᠪᠢᠳᠠᠬᠤ ᠦᠭᠡᠶ ᠪᠣᠯᠳᠠᠯ᠎ᠠ ᠨᠢ ᠰᠠᠭᠢᠳᠠᠭ ᠶᠤᠮ᠃
ᠠᠳᠤᠭᠤᠨ ᠰᠥᠷᠦᠭ᠌ ᠵᠢᠠᠨ
ᠢᠩᠭᠢᠵᠤ ᠬᠠᠮᠠᠭᠠᠯᠠᠳᠠᠭ ᠪᠣᠯᠬᠤᠷ
ᠳᠠᠯ᠎ᠠ ᠶᠢᠨ ᠮᠤᠩᠭ᠋ᠤᠯ ᠠᠢ᠌ᠯ ᠳ᠋ᠤ
ᠬᠤᠷᠳᠤᠨ ᠵᠢᠷᠤᠭ᠎ᠠ ᠳᠠᠰᠤᠷᠳᠠᠭ ᠦᠭᠡᠶ ᠶᠤᠮ
ᠠᠮᠠᠷᠠᠭ ᠳᠤᠷᠠᠯᠠᠯ ᠵᠢᠠᠨ
ᠢᠩᠭᠢᠵᠤ ᠨᠠᠠᠳᠢᠩᠨᠠᠳᠠᠭ ᠪᠣᠯᠬᠤᠷ
ᠮᠥᠩᠭᠦᠨ ᠭᠤᠤᠯ ᠲᠡᠶ ᠪᠦᠮᠪᠦᠷᠴᠡᠭ᠌ ᠳᠡᠭᠡᠷ᠎ᠡ
ᠮᠤᠩᠭ᠋ᠤᠯ ᠤᠨ ᠣᠳᠤᠮ ᠳᠠᠰᠤᠷᠳᠠᠭ ᠦᠭᠡᠶ ᠶᠤᠮ᠃
ᠬᠠᠶᠠᠭ᠄ ᠰᠢᠠᠵᠢᠶᠠᠩ ᠬᠤᠪᠣᠭᠰᠠᠢ᠌ᠷᠢ ᠮᠤᠩᠭ᠋ᠤᠯ ᠥᠪᠠᠷᠳᠡᠭᠡᠨ ᠵᠠᠰᠬᠤ ᠰᠢᠶᠠᠨ
ᠵᠤᠬᠢᠶᠠᠭᠴᠢ᠄ ᠰᠤ᠋·ᠰᠠᠠᠳᠠᠭᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2714
ᠴᠠᠭ᠄ 2009 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ