ᠨᠡᠪᠲᠡᠷᠡᠨ ᠤᠷᠤᠬᠤ
ᠴᠠᠰᠤᠨ ᠮᠦᠷ

1. ᠣᠮᠠᠷᠠᠳᠤ ᠶᠢᠨ ᠴᠠᠰᠤᠳᠤ ᠶ‍ᠢᠷᠳᠢᠠᠴᠤ ᠭᠡᠵᠤ ᠭᠡᠨ ᠠᠯᠢ ᠶᠢ ᠨᠢ ᠭᠡᠳ ᠭᠤᠮᠤᠳᠠᠭᠠᠯ ᠦᠭᠡᠶ ᠴᠠᠪ ᠴᠠᠯᠠᠢ᠌ᠨ ᠪᠠᠢ᠌ᠨ᠎ᠠ᠃ ᠳᠡᠭᠡᠭᠡᠳ ᠳᠡᠭᠡᠭᠦᠷ ᠨᠢ ᠥᠩᠭᠡᠷᠡᠭᠦ ᠳᠠᠷᠠ ᠪᠦᠭᠦᠨ ᠢ ᠶᠡᠭᠡ ᠪᠠᠭ᠎ᠠ ᠭᠡᠵᠤ ᠢᠯᠭᠠᠯ ᠦᠭᠡᠶ᠂ ᠭᠦᠡᠳᠤ ᠭᠦᠩᠭᠡᠨ ᠭᠡᠵᠤ ᠪᠠᠰᠤᠯ ᠦᠭᠡᠶ᠂ ᠳᠠᠷᠠ ᠯᠠ ᠭᠡᠪ ᠶᠢᠡᠷ ᠨᠢ ᠥᠯᠡᠳᠡᠭᠡᠨ ᠬᠤᠴᠤᠷᠠᠨ᠎ᠠ᠃ ᠭᠡᠪᠠᠴᠤ ᠪᠢ ᠡᠳᠡᠭᠡᠷ ᠢ ᠨᠢ ᠥᠵᠡᠭᠡ ᠦᠭᠡᠶ᠂ ᠪᠣᠳᠤᠭ᠎ᠠ ᠦᠭᠡᠶ᠃ ᠬᠠᠷᠢᠨ ᠳᠡᠭᠦᠨ ᠤ ᠮᠦᠷ ᠢ ᠣᠯᠵᠤ ᠬᠠᠷᠠᠬᠤ ᠭᠡᠵᠤ ᠳᠡᠭ᠍ᠷᠢ ᠳ᠋ᠤᠨᠢ ᠡᠷᠢᠨ᠎ᠡ᠃ ᠴᠠᠰᠤ ᠴᠠᠭᠠᠨ ᠮᠦᠷ ᠢ ᠨᠢ ᠳᠡᠷᠡᠭᠦ ᠊ᠭ᠍ᠱᠡᠨ ᠳ᠋ᠤᠨᠢ ᠬᠠᠷᠠᠵᠤ ᠠᠮᠵᠢᠶ᠎ᠠ ᠭᠡᠳ ᠳᠡᠭ᠍ᠷᠢ ᠡᠷᠢᠯ ᠳᠤ ᠭᠠᠷᠤᠨ᠎ᠠ᠁

2. ᠮᠦᠷ ᠶᠢᠡᠷ ᠨᠢ ᠬᠠᠷᠠᠵᠤ ᠳᠠᠨᠢᠳᠠᠭ ᠬᠤᠷᠸ᠎ᠠ᠂ ᠮᠦᠷ ᠦᠭᠡᠶ ᠴᠠᠰᠤ ᠶᠢ ᠬᠠᠷᠠᠵᠤ᠂ ᠮᠦᠷ ᠡᠷᠢᠨ᠎ᠡ᠃ ᠴᠠᠰᠤᠨ ᠤ ᠮᠦᠷ ᠳᠡᠭ᠍ᠷᠢ ᠳᠡᠭᠡᠨ ᠯᠠ ᠭᠡᠳᠡᠭ᠌᠁

3. ᠬᠤᠷᠸ᠎ᠠ ᠳᠤᠪ ᠳᠤᠭᠤᠢ᠂ ᠭᠡᠪᠠᠴᠤ ᠪᠢ ᠴᠠᠰᠤᠨ ᠤ ᠣᠨᠠᠵᠤ ᠢᠷᠡᠭᠦ ᠳᠠᠭᠤᠨ ᠢ ᠰᠢᠪᠠᠭᠤᠳ ᠤᠨ ᠠᠶᠤᠵᠤ ᠡᠮᠢᠶᠡᠭ᠍ᠰᠡᠨ ᠬᠠᠷᠠᠴᠠ ᠡᠴᠠ ᠬᠠᠷᠠᠵᠤ ᠠᠮᠵᠢᠪᠠ᠃ ᠳᠠᠢ᠌ᠮᠤ᠂ ᠳᠠᠳᠠᠨ ᠤ ᠴᠠᠴᠠᠨ ᠬᠠᠷᠠᠭᠠᠨ ᠡᠴᠠ ᠴᠠᠰᠤᠨ ᠤ ᠮᠦᠷ ᠢ ᠣᠯᠵᠤ ᠬᠠᠷᠠᠯ᠎ᠠ ᠪᠢ᠃

4. ᠡᠨᠡ ᠦᠶ᠎ᠡ ᠳᠤ ᠪᠠᠢ᠌ᠭᠠᠯᠢ ᠳᠠᠢ᠌ᠮᠤ ᠭᠡᠰᠡᠨ ᠰᠢᠭ᠌᠂ ᠳᠠᠢ᠌ᠪᠣᠩ ᠬᠣᠢ᠌ᠮᠤᠷᠯᠠᠨ᠎ᠠ᠃ ᠳᠠᠷᠠ ᠣᠯᠠᠨ ᠥᠯᠢᠭᠡᠷ ᠳᠡᠦᠭᠡ ᠶᠢ ᠢᠮᠠᠷᠤᠨ᠂ ᠦᠷ ᠤᠨ ᠭᠡᠭᠡᠨ ᠳᠤ ᠰᠡᠳᠭᠢᠯ ᠶᠢᠡᠨ ᠴᠠᠢ᠌ᠯᠠᠨ᠎ᠠ᠃ ᠬᠤᠯᠠ ᠳᠠᠭᠠᠨ ᠬᠤᠯᠠ᠂ ᠤᠢ᠌ᠷ᠎ᠡ ᠳᠠᠭᠠᠨ ᠤᠢ᠌ᠷ᠎ᠡ ᠪᠠᠢ᠌ᠳᠠᠭ ᠳᠠᠷᠠ ᠵᠠᠢ ᠭᠦᠮᠦᠰ ᠢ ᠪᠦᠷ ᠳᠠᠰᠬᠠᠭᠠᠵᠤ ᠭᠦᠢᠴᠡᠵᠡᠢ᠃

5. ᠨᠠᠷᠠᠨ ᠭᠡᠷᠡᠯ ᠳᠤ ᠴᠠᠰᠤᠨ ᠮᠦᠷ ᠬᠠᠢ᠌ᠯᠵᠤ᠂ ᠳᠠᠭᠢᠨ ᠣᠷᠤᠰᠴᠤ᠂ ᠠᠭᠠᠵᠢᠮ ᠶᠢᠡᠷ ᠠᠯᠠᠭ᠎ᠠ ᠪᠣᠯᠤᠨ᠎ᠠ᠃ ᠨᠠᠷᠠᠨ ᠭᠡᠷᠡᠯ ᠳᠤ ᠪᠠᠢ᠌ᠳᠠᠭ ᠦᠭᠡᠶ ᠳᠠᠷᠠ ᠮᠦᠷ ᠢ ᠪᠢ ᠣᠳᠠᠭᠠᠨ ᠰᠢᠷᠳᠠᠵᠤ ᠪᠢᠯᠠ᠃ ᠡᠭᠦᠨ ᠡᠴᠠ ᠥᠭᠡᠷ᠎ᠡ ᠠᠶᠤᠯ ᠲᠡᠶ ᠶᠠᠭᠤᠮ᠎ᠠ ᠶᠢ ᠬᠠᠷᠠᠭ᠎ᠠ ᠦᠭᠡᠶ ᠪᠠᠢ᠌ᠭᠰᠠᠨ ᠶᠢᠡᠨ ᠭᠡᠨᠡᠳᠲᠡ ᠮᠡᠳᠡᠪᠡ᠃

6. ᠭᠠᠵᠠᠷ ᠳᠡᠯᠡᠭᠡᠢ᠂ ᠠᠮᠢᠳᠠᠨ ᠣᠷᠭᠤᠮᠠᠯ᠂ ᠮᠢᠨᠤ ᠳᠤᠭᠤᠵᠤ ᠪᠠᠢ᠌ᠭᠰᠠᠨ ᠠᠮᠢ ᠭᠤᠤᠯ ᠡᠴᠠ ᠦᠨᠡᠳᠠᠢ ᠳᠠᠷᠠ ᠶᠡᠭᠡ ᠣᠪᠤᠭ᠎ᠠ ᠨᠤᠮ ᠤᠨ ᠬᠠᠪᠢᠰᠤ᠂ ᠳᠠᠷᠠ ᠪᠦᠭᠦᠨ ᠨᠠᠮᠢ᠋ᠢ ᠬᠤᠳᠠᠯ ᠭᠡᠯᠡᠵᠤ᠂ ᠬᠠᠭᠤᠷᠠᠵᠤ ᠮᠡᠭᠡᠯᠡᠵᠤ ᠪᠠᠢ᠌ᠭᠰᠠᠨ ᠬᠠᠷᠠᠭᠳᠠᠨ᠎ᠠ᠃ ᠳᠠᠢ᠌ᠮᠤ ᠪᠠᠷ ᠨᠢ ᠪᠢ ᠶᠠᠭᠤ ᠴᠤ ᠦᠭᠡᠶ ᠥᠯᠦᠰᠭᠦᠯᠡᠩ ᠨᠢᠴᠦᠭᠦᠨ᠂ ᠥᠭᠡᠢ᠌ᠭᠦᠤ ᠶᠠᠳᠠᠭᠤ ᠯᠠ ᠶᠠᠪᠣᠵᠤ᠂ ᠡᠭᠦᠨ ᠢ ᠪᠠᠨ ᠲᠦᠮᠡᠨ ᠵᠦᠪ ᠲᠤ ᠯᠠ ᠰᠠᠨᠠᠵᠤ ᠰᠠᠷᠪᠠᠢ᠌ᠵᠤ ᠪᠠᠢ᠌ᠵᠠᠢ᠃

7. ᠊ᠭ᠍ᠱᠡᠨ ᠪᠣᠯᠪᠠᠴᠤ ᠬᠠᠷᠠᠵᠤ ᠪᠠᠢ᠌ᠭᠰᠠᠨ ᠳᠠᠷᠠ ᠮᠦᠷ ᠲᠤ ᠦᠪᠡᠷ ᠭᠢᠨ ᠶᠢᠡᠨ ᠪᠢ ᠠᠯᠳᠠᠪᠠ᠃ ᠳᠡᠭ᠍ᠷᠢ ᠨᠢ ᠬᠤᠷᠤᠰᠤᠯ ᠳᠠᠭᠠᠨ ᠪᠣᠴᠠᠯᠵᠤ᠂ ᠬᠠᠢ᠌ᠷ᠎ᠠ ᠳᠠᠭᠠᠨ ᠳᠠᠰᠤ ᠭᠦᠯᠳᠡᠨ᠎ᠡ᠃ ᠡ᠊ᠨᠳᠡ ᠰᠢᠪᠠᠭᠤᠳ ᠢᠷᠠᠵᠤ ᠥᠩᠭᠡᠷᠡᠭ᠍ᠰᠡᠨ ᠨᠢ ᠮᠡᠳᠡᠭ᠍ᠳᠡᠨ᠎ᠡ᠃ ᠳᠡᠭᠡᠭᠡᠳ ᠭᠡᠵᠤ ᠶᠠᠭᠤ ᠴᠤ ᠠᠰᠠᠭᠤᠵᠤ ᠴᠢᠳᠠᠭᠰᠠᠨ ᠦᠭᠡᠶ᠃

8. ᠠᠳᠠᠯᠢᠬᠠᠨ ᠭᠡᠯᠡᠳᠡᠨ ᠪᠢᠰᠢᠤ ᠮᠠᠨᠤᠰ ᠴᠢᠨᠢ ᠭᠡᠭᠦ ᠳᠤ ᠪᠢ ᠳᠠᠳᠠᠨ ᠤ ᠶᠠᠭᠤ ᠭᠡᠯᠡᠭ᠍ᠰᠡᠨ ᠢ ᠶᠠᠷᠤ ᠨᠢ ᠣᠢ᠌ᠯᠠᠭᠠᠬᠤ ᠦᠭᠡᠶ ᠪᠠᠢ᠌ᠯ᠎ᠠ᠃ ᠠᠢ ᠳ᠋ᠠ᠂ ᠳᠡᠭᠡᠭᠡᠳ ᠭᠦᠷᠦᠵᠤ ᠠᠮᠵᠢᠭ᠎ᠠ ᠦᠭᠡᠶ ᠡᠭᠦᠷ ᠳᠤᠨᠢ ᠦᠪᠡᠷ ᠤᠨ ᠭᠡᠯᠡ ᠪᠠᠨ ᠳᠠᠷᠤᠵᠤ ᠳᠠᠯᠪᠢᠯ᠎ᠠ᠃ ᠭᠦᠪᠦᠷᠡᠰᠢᠭᠦ ᠯᠠ ᠪᠠᠢ᠌ᠯᠭᠦᠢ ︕

9. ᠭᠡᠵᠢᠶᠡᠳᠡ ᠪᠠᠢ᠌ᠳᠠᠭ ᠬᠠᠷᠠᠩᠭ᠋ᠤᠢ ᠶᠢ ᠭᠦᠮᠦᠰ ᠨᠢ ᠢᠷᠠᠬᠤ ᠭᠡᠨ᠎ᠡ᠃ ᠶᠠᠭᠤᠨ ᠳᠠᠭᠠᠨ ᠪᠢᠯᠠ᠂ ᠳᠠᠷᠠ ᠴᠢᠨᠢ ᠭᠡᠷᠡᠯ ᠤᠨ ᠨᠥᠭᠦᠭᠡ ᠭᠡᠯᠪᠠᠷᠢ ᠯᠠ ᠶᠤᠮ᠃ ᠴᠠᠰᠤ ᠴᠠᠭᠠᠨ ᠮᠦᠷ ᠭᠡᠵᠤ ᠳᠠᠠᠳᠠ ᠪᠠᠨ ᠳᠤᠷᠠᠢ᠌ᠨ ᠬᠠᠷᠠᠭᠳᠠᠨ᠎ᠠ᠃

10. ᠣᠳᠤ᠂ ᠥᠭᠦᠯ ᠪᠦᠭᠦᠨ ᠨᠠᠮᠢ᠋ᠢ ᠭᠤᠯᠤᠨ᠎ᠠ᠃ ᠦᠨᠡᠨ ᠶᠤᠮ᠃ ᠡᠨᠡ ᠪᠣᠯ ᠮᠢᠨᠤ ᠵᠠᠪᠠᠯ ᠭᠢᠵᠤ ᠴᠢᠳᠠᠬᠤ ᠭᠡᠷᠡᠭ᠍ᠳᠡᠢ ᠣᠴᠢᠷ ᠪᠣᠯᠵᠤ ᠦᠯᠠᠳᠠᠪᠠ᠁

11. ᠪᠢ ᠣᠷᠪᠠᠪᠠ᠃ ᠳᠦᠷᠦᠭ᠍ᠰᠡᠨ ᠡᠵᠢ᠂ ᠡᠭᠡ ᠣᠷᠤᠨ ᠡᠴᠠ ᠪᠠᠨ ᠣᠷᠪᠠᠪᠠ᠃ ᠳᠠᠷᠠ ᠪᠦᠭᠦ ᠵᠣᠢ᠌ᠯ ᠡᠴᠠ ᠪᠦᠷ ᠣᠷᠪᠠᠪᠠ᠃ ᠭᠡᠪᠠᠴᠤ᠂ ᠡᠵᠢ ᠡᠭᠡ ᠣᠷᠤᠨ ᠭᠡᠵᠤ ᠨᠠᠮᠢ᠋ᠢ ᠬᠠᠶᠠᠬᠤ ᠦᠭᠡᠶ ᠯᠠ ᠪᠠᠢ᠌ᠯ᠎ᠠ᠃ ᠵᠤᠪᠠᠯᠠᠩ ᠶᠢᠡᠨ ᠭᠠᠰᠢᠯᠭᠠᠵᠤ ᠪᠢ᠂ ᠡᠵᠢ ᠳᠡᠭᠡᠨ ᠡᠷᠭᠦᠨᠡᠮ ︕

12. ᠳᠡᠭ᠍ᠷᠢ ᠳᠡᠭᠡᠨ ᠥᠭᠦᠳᠡᠭ᠌ ᠰᠢᠪᠠᠭᠤᠳ ᠭᠡᠵᠤ ᠪᠠᠢ᠌ᠳᠠᠭ ᠭᠡᠯᠡᠤ᠃ ᠳᠠᠷᠠ ᠨᠢ ᠳᠡᠭ᠍ᠷᠢ ᠶᠢᠨ ᠨᠢᠯᠪᠣᠰᠤ ᠪᠣᠯᠵᠤ ᠪᠠᠭᠤᠭᠰᠠᠨ ᠯᠠ ᠪᠠᠢ᠌ᠬ᠎ᠠ᠃

13. ᠳᠡᠭᠡᠭᠦ ᠳᠤ ᠴᠠᠰᠤ ᠪᠠᠰᠠ ᠯᠠ ᠬᠠᠶᠠᠯᠠᠵᠤ ᠡᠭᠢᠯᠡᠨ᠎ᠡ᠃ ᠨᠢᠭᠡ ᠮᠡᠳᠡᠭᠦ ᠳᠤ ᠯᠠ ᠳᠡᠭ᠍ᠷᠢ ᠭᠠᠵᠠᠷ ᠢ ᠠᠳᠠᠯᠢᠬᠠᠨ ᠢᠪᠠ ᠳᠠᠷᠤᠴᠢᠬᠠᠭᠰᠠᠨ ᠪᠠᠢ᠌ᠳᠠᠭ᠃ ᠳᠡᠭᠦᠨ ᠤ ᠮᠦᠷ ᠢ ᠪᠢ ᠊ᠭ᠍ᠱᠡᠨ ᠴᠤ ᠭᠡᠰᠡᠨ ᠬᠠᠷᠠᠵᠤ ᠠᠮᠵᠢᠭᠰᠠᠨ ᠶᠤᠮ᠃ ᠴᠠᠰᠤ ᠴᠠᠭᠠᠨ ᠮᠦᠷ ᠭᠡᠵᠤ᠁


2011.12 ᠊᠊᠊᠊᠊᠊᠊᠊᠊᠊᠊᠊᠊᠊᠊᠊᠊᠊᠊᠊᠊᠊᠊᠊᠊᠊᠊᠊᠊᠊ 2012.3.8 ᠪᠢᠴᠢᠪᠠ᠃


ᠵᠤᠬᠢᠶᠠᠭᠴᠢ ᠶᠢᠨ ᠬᠠ‍‌ᠶᠢᠭ ᠄ ᠬᠠᠭᠤᠴᠢᠨ ᠪᠠᠷᠭᠤ

ᠵᠤᠬᠢᠶᠠᠭᠴᠢ᠄ ᠵᠠᠢ᠌ᠳᠠᠩᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6185
ᠴᠠᠭ᠄ 2012 ᠤᠨ ᠤ 03 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ