ᠨᠡᠪᠲᠡᠷᠡᠨ ᠤᠷᠤᠬᠤ
ᠶᠠᠪᠠᠭᠠᠨ ᠭᠠᠯᠠᠭᠤ

ᠶᠠᠪᠠᠭᠠᠨ ᠭᠠᠯᠠᠭᠤ ᠠᠯᠭᠤᠷ ᠳᠡᠪᠢᠭ᠍ᠰᠡᠭᠡᠷ

ᠶᠠᠩᠪᠠ ᠳᠠᠳᠠᠨ ᠵᠤᠭᠰᠤᠵᠤ ᠦᠭ‍ᠭᠦ ᠦᠭᠡᠶ

ᠶᠠᠭᠠᠷᠠᠭᠰᠠᠨ ᠡᠵᠡᠨ ᠨᠢ ᠭᠦᠯᠢᠶᠡᠨ ᠶᠠᠳᠠᠨ

ᠮᠠᠤᠰ ᠤᠨ ᠵᠢᠳᠠ ᠪᠠᠷ ᠭᠦᠴᠦᠳᠡᠢ ᠴᠢᠴᠢᠯᠠᠨ᠎ᠠ᠃

    ᠨᠢᠯᠬ᠎ᠠ ᠵᠢᠭᠠᠯ ᠤᠨ ᠵᠢᠷᠤᠭ ᠶᠢᠡᠷ ᠣᠷᠤᠯᠠᠭᠰᠠᠨ

    ᠨᠠᠭᠢᠶ᠎ᠠ ᠭᠡᠦᠭᠡᠨ ᠤ ᠴᠤᠪᠣᠭᠤ ᠭᠦᠷᠦᠭ᠌

    ᠬᠠᠷᠢᠯᠴᠠᠭᠠᠨ ᠤ ᠬᠠ‍‌ᠶᠢᠭ ᠤᠨ ᠡᠮᠦᠨᠡᠭᠦᠷ ᠪᠠᠢ᠌ᠷᠢᠨ ᠳᠤ

    ᠬᠠᠮᠤᠭ ᠡᠴᠡ ᠢᠯᠠᠳᠠᠢ ᠨᠢᠳᠤᠨ ᠳᠤ ᠳᠤᠰᠪᠠ᠃

ᠠᠰᠢᠭᠦᠢ᠂ ᠳᠠᠷᠠ ᠰᠦᠯᠵᠢᠶᠠᠨ ᠳᠤ ᠪᠠᠢ᠌ᠭ᠎ᠠ

ᠣᠳᠤ ᠶᠠᠭᠤ ᠮᠤᠩᠭᠢᠨᠠᠭ᠎ᠠ ᠪᠣᠯ

ᠤᠢ᠌ᠷᠠᠳᠤᠨ ᠵᠤᠭᠤᠭᠳᠠᠬᠤ ᠣᠷᠮ᠎ᠠ ᠭᠦᠭ᠍ᠵᠢᠵᠤ

ᠣᠭᠳᠤᠨ ᠶᠠᠷᠢᠯᠴᠠᠬᠤ ᠪᠣᠳᠤᠯ ᠣᠷᠭᠤᠪᠠ᠃

    ᠲ᠋ᠤᠯᠤᠪᠣᠷ ᠬᠤᠷᠤᠭᠤ ᠬᠤᠶᠠᠷᠳᠠ ᠳᠤᠭᠰᠢᠵᠤ

    ᠲ᠋ᠡᠯᠭᠡᠴᠡᠨ ᠭᠤᠤᠯ ᠳᠤ ᠴᠤᠩᠬᠤ ᠦᠰᠦᠷᠪᠠ

    ᠠᠷᠪᠠᠨ ᠬᠤᠷᠤᠭᠤ ᠵᠡᠷᠭᠡ ᠪᠣᠵᠢᠭᠢᠨᠠᠨ

    ᠠᠩᠬᠠᠨ ᠤ ᠥᠭᠦᠯᠡᠪᠦᠷᠢ ᠶᠢ ᠠᠷᠠᠢ ᠪᠦᠷᠢᠳᠡᠭᠦᠯᠪᠡ᠃

ᠨᠢᠳᠤ ᠢᠷᠮᠡᠭᠦ ᠶᠢᠨ ᠬᠤᠷᠤᠮ᠂ ᠮᠢᠨᠤ ᠵᠠᠭᠢᠶᠠᠰᠤ

ᠨᠠᠭᠢᠶ᠎ᠠ ᠴᠢᠨᠤ ᠳᠡᠯᠭᠡᠴᠡᠨ ᠤ ᠪᠣᠯᠤᠩ ᠳᠤ

ᠨᠣᠢ᠌ᠷᠠᠮᠤᠭᠯᠠᠵᠤ ᠪᠠᠢ᠌ᠭᠰᠠᠨ ᠶᠠᠪᠠᠭᠠᠨ ᠭᠠᠯᠠᠭᠤ ᠶᠢ

ᠨᠢᠵᠢᠭᠢᠨᠡᠭᠦᠯᠤᠨ ᠰᠤᠴᠢᠭᠠᠨ ᠰᠡᠷᠢᠭᠡᠪᠡ᠃

    ᠠᠮᠤᠷ ᠮᠠᠠᠳᠤ ᠪᠠᠨ ᠠᠰᠠᠭᠤᠨ

    ᠤᠢ᠌ᠷ᠎ᠡ ᠶᠢᠨ ᠶᠠᠪᠣᠳᠠᠯ ᠶᠢᠡᠨ ᠰᠤᠯᠢᠯᠴᠠᠨ

    ᠣᠯᠠᠨ ᠵᠤᠭᠤᠭ ᠤᠨ ᠰᠠᠳᠤᠪ ᠡᠴᠡ

    ᠣᠯᠠᠢ᠌ᠷᠠᠭᠤᠯᠵᠤ ᠴᠠᠭᠠᠰᠢ ᠨᠢ ᠶᠠᠷᠢᠯᠴᠠᠪᠠ᠃

ᠣᠷᠢᠳᠠ ᠡᠴᠡ ᠬᠠᠷᠢᠭᠤᠯᠤᠭᠰᠠᠨ ᠥᠭᠡ ᠶᠢ ᠨᠢ

ᠣᠬᠤᠴᠢᠯᠠᠨ ᠵᠠᠯᠭᠠᠭᠠᠤᠨ ᠠᠰᠠᠭᠤᠨ᠎ᠠ

ᠣᠴᠢᠷ ᠵᠦᠢ᠌ ᠶᠢ ᠨᠢ ᠣᠯᠬᠤ ᠭᠡᠵᠤ

ᠣᠯᠠᠮ ᠳᠠᠪᠰᠢᠨ ᠠᠰᠠᠭᠤᠨ᠎ᠠ᠃

    ᠰᠤᠨᠢᠭᠤᠴᠢ ᠰᠡᠳᠭᠢᠯ ᠠᠬᠠᠳᠠᠵᠤ

    ᠰᠠᠪᠠᠭ᠎ᠠ ᠦᠭᠡᠶ ᠠᠰᠠᠭᠤᠯᠳᠠ ᠣᠯᠠᠰᠢᠷᠠᠭᠰᠠᠨ ᠡᠴᠡ

    ᠰᠡᠷᠭᠦᠯᠡᠩ ᠵᠠᠩ ᠲᠡᠶ ᠭᠡᠦᠭᠡᠨ ᠡᠴᠡ

    ᠰᠤᠷᠠᠭᠯᠠᠬᠤ ᠳᠤᠷᠠᠳᠠᠢ ᠭᠡᠵᠤ ᠨᠤᠳᠠᠯᠠᠪᠠ᠃

                  


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠰᠦᠷᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10067
ᠴᠠᠭ᠄ 2011 ᠤᠨ ᠤ 08 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ