☆ ᠪᠣ·ᠪᠠᠳᠤᠮᠥ᠋ᠩᠭᠡ
ᠵᠢᠷᠦᠭᠡᠨ ᠵᠠᠢ
ᠢᠭᠡᠷ᠎ᠡ ᠬᠤᠶᠠᠷ ᠨᠠᠪᠴᠢ ᠵᠢᠨ
ᠢᠵᠢᠯᠭᠡᠨ ᠥᠩᠭᠡᠨ ᠡᠴᠡ
ᠢᠷᠠᠭᠤ ᠨᠠᠢ᠌ᠷᠠᠭ ᠶᠢᠡᠷ ᠶᠢᠡᠨ ᠪᠢ
ᠢᠨᠠᠭ ᠤᠨ ᠵᠥᠭᠡᠯᠡᠨ ᠠᠶ᠎ᠠ ᠨᠤᠲ᠋ᠯᠠᠨᠠ
ᠡᠯᠢᠭᠡ ᠵᠢᠷᠦᠭᠡ ᠬᠤᠶᠠᠷ ᠪᠣᠯ
ᠡᠭᠦᠷᠢᠳᠡ ᠶᠢᠨ ᠰᠤᠷᠤᠠᠵᠢᠨ ᠭᠦᠴᠤ
ᠡᠷᠭᠢᠵᠤ ᠬᠠᠷᠠᠬᠤ ᠳ᠋ᠤ
ᠡᠨᠡ ᠪᠠᠶ᠎ᠠ ᠶᠢᠨ ᠮᠢᠨᠢ ᠰᠡᠭᠦᠳᠡᠷ ᠪᠣᠯ ᠴᠢ ᠪᠠᠢ᠌ᠭᠰᠠᠨ
ᠡᠩᠭᠡᠷ ᠤᠨ ᠴᠢᠨᠢ ᠨᠢᠭᠡᠨ ᠳᠤᠪᠴᠢ ᠪᠣᠯ ᠪᠢ ᠪᠠᠢ᠌ᠭᠰᠠᠨ
ᠬᠠᠷᠠᠬᠤ ᠨᠢᠳᠤ ᠮᠢᠨᠢ ᠴᠡᠴᠡᠭᠡᠢ ᠶᠢᠨ ᠣᠷᠤᠮ ᠪᠣᠯ
ᠬᠠᠴᠠᠷ ᠤᠨ ᠴᠢᠨᠢ ᠬᠠᠷ᠎ᠠ ᠮᠡᠩᠭᠡ ᠪᠠᠢ᠌ᠪᠠ
ᠬᠠᠢ᠌ᠷ᠎ᠠ ᠳᠤᠨᠤᠷᠠᠭᠰᠠᠨ ᠬᠤᠤᠰ ᠬᠤᠠᠳᠠᠭ᠎ᠠ ᠴᠢᠨᠢ
ᠬᠠᠢ᠌ᠷᠠᠯᠠᠬᠤ ᠰᠡᠳᠭᠢᠯ ᠤᠨ ᠮᠢᠨᠢ ᠵᠢᠷᠦᠭᠡᠨ ᠳᠠᠮᠠᠭ᠎ᠠ ᠰᠠᠨ
ᠠᠷᠪᠠᠨ ᠳᠠᠪᠤᠨ ᠤ ᠰᠠᠷ᠎ᠠ ᠪᠣᠯ
ᠠᠮᠠᠷᠠᠭ ᠬᠤᠶᠠᠷ ᠵᠢᠷᠦᠭᠡᠨ ᠊ᠤ
ᠠᠰᠢᠳᠠ ᠶᠢᠨ ᠠᠯᠳᠠᠨ ᠴᠠᠭᠠᠷᠠᠭ
ᠠᠮᠢᠳᠤ ᠶᠢᠨ ᠭᠠᠭᠴᠠᠬᠠᠨ ᠬᠠᠶᠢᠭ
ᠳᠡᠭ᠍ᠷᠢᠯᠢᠭ᠌ ᠬᠠᠢ᠌ᠷ᠎ᠠ ᠶᠢᠨ ᠴᠡᠯᠮᠡᠭ᠌ ᠳᠤ
ᠳᠡᠷᠭᠡᠯᠭᠡᠨ ᠳᠤᠶᠠᠭᠠᠯᠠᠬᠤ
ᠴᠢ ᠪᠣᠯ ᠮᠢᠨᠤ
ᠳᠠᠪᠠᠷᠢᠵᠤ ᠥᠮᠴᠢᠯᠡᠭ᠍ᠰᠡᠨ ᠳᠩᠷᠢ ᠶᠢᠨ ᠦᠬᠢᠨ
ᠬᠤᠷ᠎ᠠ ᠰᠢᠭ ᠠᠰᠬᠠᠷᠠᠬᠤ ᠬᠤᠩᠭ᠋ᠤᠷ ᠭᠡᠵᠢᠭᠡ ᠪᠠᠨ
ᠬᠤᠶᠠᠷ ᠬᠠᠭᠠᠰᠯᠠᠨ ᠭᠦᠷᠦᠭᠦ ᠳᠤ ᠴᠢᠨᠢ
ᠨᠢᠭᠡ ᠨᠢ ᠪᠢ ᠨᠥᠭᠦᠭᠡ ᠨᠢ ᠴᠢ
ᠵᠡᠭᠦᠳᠤ ᠪᠠᠷ ᠶᠢᠡᠨ ᠢᠭᠢᠷᠡᠯᠡᠭᠦ
ᠵᠢᠷᠦᠭᠡᠨ ᠬᠠᠢ᠌ᠷ᠎ᠠ ᠶᠢᠨ ᠡᠩᠭᠡᠷ ᠳᠤ
ᠵᠡᠭᠦᠤ ᠰᠦᠯᠠᠮᠠ ᠣᠷᠤ ᠥᠭᠡᠢ
ᠴᠢ ᠪᠣᠯ ᠮᠢᠨᠤ ᠴᠢᠩ ᠵᠢᠷᠦᠭᠡᠨ ᠤ
ᠬᠠᠮᠤᠭ ᠣᠢ᠌ᠷᠠᠬᠠᠨ ᠵᠠᠢ ᠶᠤᠮᠰᠠᠨ ᠁
ᠵᠤᠬᠢᠶᠠᠭᠴᠢ᠄ ᠪᠣ·ᠪᠠᠳᠤᠮᠥ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ