☆ ᠤᠷᠲᠤᠮᠦ᠋ᠷᠡᠨ
ᠪᠣᠷᠤᠭᠠᠨ ᠤ ᠡᠭᠦᠯᠡ ᠨᠡᠭᠦᠵᠤ ᠪᠠᠢ᠌ᠯ᠎ᠠ
ᠪᠣᠳᠤᠯ ᠪᠣᠯᠵᠤ ᠭᠠᠭᠴᠠᠭᠠᠷ
ᠪᠣᠷᠤ ᠭᠡᠷ ᠲᠡᠭᠡᠨ ᠰᠠᠭᠤᠬᠤ ᠳ᠋ᠤ
ᠭᠠᠳᠠᠨ᠎ᠠ
ᠪᠣᠷᠤᠭᠠᠨ ᠤ ᠡᠭᠦᠯᠡ ᠨᠡᠭᠦᠵᠤ ᠪᠠᠢ᠌ᠯ᠎ᠠ
ᠪᠣᠷᠤᠭᠤ ᠭᠠᠵᠠᠷ ᠡ᠊ᠨᠳᠡᠭᠦᠷᠡᠯᠡ ᠭᠡᠰᠡᠨ ᠰᠢᠭ᠌
ᠪᠣᠴᠠᠵᠤ ᠬᠠᠷᠠᠯ ᠦᠭᠡᠶ ᠨᠡᠭᠦᠵᠤ ᠪᠠᠢ᠌ᠯ᠎ᠠ
ᠪᠣᠭᠤᠨᠢ ᠡᠪᠠᠰᠤ ᠶᠢ ᠣᠮᠳᠠᠯᠠᠬᠤ ᠡᠴᠠ
ᠪᠣᠳᠠᠩ ᠳᠤᠭᠤᠰᠤ ᠶᠢ ᠴᠤ ᠳᠠᠷᠤᠵᠤ ᠴᠢᠳᠠᠭᠰᠠᠨ ᠥᠭᠡᠢ
ᠪᠣᠷᠤ ᠮᠦᠷ ᠶᠢᠡᠷ ᠶᠢᠡᠨ ᠨᠡᠭᠦᠵᠤ ᠪᠠᠢ᠌ᠯ᠎ᠠ
ᠢᠠᠵᠠᠠᠨᠠᠰᠢ ᠶᠢᠨ 《ᠴᠠᠭᠠᠨ ᠡᠭᠦᠯᠡ》 ᠶᠢ ᠳᠤᠷᠠᠰᠬᠤ ᠡᠴᠠ
ᠢᠳᠡᠭᠡᠯ ᠰᠡᠷᠭᠦᠭᠡᠭᠦ ᠬᠤᠷ᠎ᠠ ᠶᠢᠨ ᠡᠭᠦᠯᠡ ᠴᠤ
ᠨᠡᠭᠦᠳᠡᠭ᠌ ᠳᠤᠯᠠ
ᠢᠳᠡᠭᠡᠵᠤ ᠬᠠᠢ᠌ᠷᠠᠯᠠᠭᠰᠠᠨ ᠭᠡᠦᠭᠡᠨ ᠴᠤ
ᠢᠭᠢᠷ᠎ᠠ ᠰᠡᠳᠭᠢᠯ ᠡᠪᠦᠷᠯᠡᠵᠤ
ᠨᠡᠭᠦᠳᠡᠭ᠌ ᠪᠢᠯᠢᠤ᠂ ᠨᠠᠳᠠ ᠡᠴᠠ ︖
ᠠᠢ
ᠭᠠᠳᠠᠨ᠎ᠠ
ᠪᠣᠷᠤᠭᠠᠨ ᠤ ᠡᠭᠦᠯᠡ ᠨᠡᠭᠦᠵᠤ ᠯᠠ ᠪᠠᠢ᠌ᠯ᠎ᠠ ᠁
ᠵᠤᠬᠢᠶᠠᠭᠴᠢ ᠶᠢᠨ ᠬᠠᠶᠢᠭ ᠄ ᠣᠷᠠᠤᠨ ᠤᠨ ᠬᠣᠢ᠌ᠳᠤ ᠬᠤᠰᠢᠭᠤ
ᠵᠤᠬᠢᠶᠠᠭᠴᠢ᠄ ᠤᠷᠲᠤᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ