ᠨᠡᠪᠲᠡᠷᠡᠨ ᠤᠷᠤᠬᠤ
ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷ᠎ᠠ ᠪᠠᠨ ᠥᠯᠡᠳᠡᠭᠡᠭᠦ ᠰᠠᠨ

ᠳᠤᠯᠠᠭᠠᠬᠠᠨ ᠳᠡᠯᠡᠭᠡᠢ ᠳᠤ ᠲᠤᠩ ᠴᠤ ᠶᠡᠭᠡ ᠡᠷᠭᠡᠯᠡᠵᠤ ᠶᠠᠪᠣᠯ᠎ᠠ

ᠳᠤᠷᠠᠯᠠᠯ ᠬᠠᠢ᠌ᠷ᠎ᠠ ᠳᠤ ᠦᠷᠦ ᠰᠡᠳᠭᠢᠯ ᠶᠢᠡᠨ ᠬᠠᠢ᠌ᠯᠤᠭᠤᠯᠵᠤ ᠶᠠᠪᠣᠯ᠎ᠠ

ᠳᠤᠷᠠᠰᠤᠯ ᠮᠥᠷᠦᠭᠡᠳᠦᠯ ᠳᠤ ᠣᠯᠠᠭᠠᠨ ᠵᠢᠷᠦᠭᠡ ᠪᠠᠨ ᠳᠤᠭᠳᠤᠯᠤᠭᠤᠯᠵᠤ ᠶᠠᠪᠣᠯ᠎ᠠ

ᠳᠤᠤᠯᠢᠮ᠎ᠠ ᠬᠤᠷᠸ᠎ᠠ ᠶᠢᠨ ᠨᠢᠭᠡᠨ ᠵᠠᠢ ᠳᠤ ᠰᠢᠷᠬᠠᠯᠠᠵᠤ ᠶᠠᠪᠣᠯ᠎ᠠ

ᠡᠨᠡ ᠪᠦᠭᠦᠨ ᠶᠢᠡᠨ ᠢᠷᠠᠭᠤ ᠨᠠᠢ᠌ᠷᠠᠭ ᠪᠣᠯᠭᠠᠨ ᠰᠡᠢ᠌ᠯᠦᠭᠡᠳ

ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷ᠎ᠠ ᠪᠠᠨ ᠥᠯᠡᠳᠡᠭᠡᠭᠦ ᠰᠠᠨ᠃

ᠬᠠᠢ᠌ᠯᠠᠵᠤ ᠣᠭᠢᠯᠠᠵᠤ ᠪᠠᠭ᠎ᠠ ᠨᠠᠰᠤᠨ ᠳᠤ ᠪᠠᠨ ᠳᠤᠭᠯᠠᠵᠤ ᠶᠠᠪᠣᠯ᠎ᠠ

ᠬᠠᠪᠣᠷ ᠨᠠᠮᠤᠷ ᠡᠭᠡᠯᠵᠢᠯᠡᠭᠦ ᠵᠢᠮ᠎ᠠ ᠪᠠᠷ ᠨᠤᠳᠤᠭᠯᠠᠵᠤ ᠶᠠᠪᠣᠯ᠎ᠠ

ᠬᠠᠢ᠌ᠯᠠᠰᠤ ᠨᠠᠷᠠᠰᠤ ᠲᠡᠶ ᠡᠷᠳᠡᠨᠢ ᠤᠪᠤᠭᠠᠨ ᠳᠤ ᠪᠠᠨ ᠮᠠᠴᠤᠵᠤ ᠶᠠᠪᠣᠯ᠎ᠠ

ᠬᠠᠮᠤᠭ ᠮᠤᠩᠭ᠋ᠤᠯ ᠤᠨ ᠥᠯᠦᠭᠡᠢ ᠨᠤᠳᠤᠭ ᠲᠤ ᠪᠠᠨ ᠨᠢᠯᠬᠠᠷᠠᠵᠤ ᠶᠠᠪᠣᠯ᠎ᠠ

ᠡᠨᠡ ᠪᠦᠭᠦᠨ ᠶᠢᠡᠨ ᠣᠶᠠᠩᠭ᠋᠎ᠠ ᠳᠠᠭᠤᠤ ᠪᠣᠯᠭᠠᠨ ᠳᠠᠭᠤᠯᠠᠭᠠᠤᠨ

ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷ᠎ᠠ ᠪᠠᠨ ᠥᠯᠡᠳᠡᠭᠡᠭᠦ ᠰᠠᠨ᠃

ᠭᠠᠢ᠌ᠬᠠᠮᠰᠢᠭᠳᠤ ᠰᠤᠩᠭ᠋ᠤᠳᠠᠭ ᠠᠭᠤᠤ ᠰᠤᠶᠤᠯ ᠳᠤ ᠪᠠᠨ ᠰᠢᠳᠤᠵᠤ ᠶᠠᠪᠣᠯ᠎ᠠ

ᠭᠠᠯ ᠳᠣᠢ᠌ᠮᠠᠷᠳᠤ ᠳᠠᠢ᠌ᠴᠢᠨ ᠳᠡᠦᠭᠡᠨ ᠳᠤ ᠪᠠᠨ ᠪᠠᠷᠳᠠᠮ ᠶᠠᠪᠣᠯ᠎ᠠ

ᠭᠡᠮᠰᠢᠯ ᠰᠢᠯᠦᠭ᠌ ᠲᠡᠶ ᠪᠣᠷᠵᠢᠭᠢᠨ ᠬᠠᠯᠠᠳᠠᠨ ᠳᠤ ᠭᠤᠮᠤᠳᠠᠵᠤ ᠶᠠᠪᠣᠯ᠎ᠠ

ᠭᠡᠭᠡᠵᠤ ᠣᠷᠭᠢᠭᠳᠠᠮ᠎ᠠ ᠣᠤᠭᠠᠯ ᠣᠳᠤᠮᠰᠢᠯ ᠳᠤ ᠪᠠᠨ ᠬᠠᠷᠠᠭᠤᠰᠴᠤ ᠶᠠᠪᠣᠯ᠎ᠠ

ᠡᠨᠡ ᠪᠦᠭᠦᠨ ᠶᠢᠡᠨ ᠦᠪᠡᠷ ᠤᠨ ᠴᠠᠭᠠᠳᠬᠠᠯ ᠪᠣᠯᠭᠠᠨ ᠣᠩᠰᠢᠭᠠᠤᠨ

ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷ᠎ᠠ ᠪᠠᠨ ᠥᠯᠡᠳᠡᠭᠡᠭᠦ ᠰᠠᠨ᠃

ᠦᠨᠡᠠᠴᠢ ᠣᠯᠠᠨ ᠠᠠᠳᠠ ᠨᠥᠭᠦᠤᠨ ᠲᠡᠶ ᠪᠠᠨ ᠨᠠᠷᠭᠢᠵᠤ ᠶᠠᠪᠣᠯ᠎ᠠ

ᠥᠷᠳᠦᠭ᠍ᠳᠡᠵᠤ ᠵᠠᠷᠢᠮ ᠤᠳ ᠤᠨ ᠨᠢᠳᠤᠨ ᠳᠤ ᠨᠢ ᠮᠠᠭᠤ ᠴᠤ ᠪᠣᠯᠵᠤ ᠶᠠᠪᠣᠯ᠎ᠠ

ᠡᠷᠭᠢᠵᠤ ᠣᠴᠢᠮᠠᠷ ᠣᠶᠤᠳᠠᠨ ᠨᠠᠰᠤ ᠪᠠᠨ ᠳᠤᠷᠠᠰᠴᠤ ᠶᠠᠪᠣᠯ᠎ᠠ

ᠡᠷᠭᠢᠮ ᠭᠡᠳᠡᠭ᠌ ᠢ ᠥᠩᠭᠡᠷᠡᠭ᠍ᠰᠡᠨ ᠤ ᠬᠣᠢ᠌ᠨ᠎ᠠ ᠨᠢ ᠮᠠᠳᠠᠷᠠᠵᠤ ᠴᠤ ᠶᠠᠪᠣᠯ᠎ᠠ

ᠡᠨᠡ ᠪᠦᠭᠦᠨ ᠶᠢᠡᠨ ᠵᠠᠯᠠᠭᠤ ᠨᠠᠰᠤ ᠭᠡᠵᠤ ᠭᠠᠷᠴᠠᠭᠯᠠᠭᠠᠤᠨ

ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷ᠎ᠠ ᠪᠠᠨ ᠥᠯᠡᠳᠡᠭᠡᠭᠦ ᠰᠠᠨ᠃


2009.4.24

ᠵᠤᠬᠢᠶᠠᠭᠴᠢ᠄ ᠬᠠᠳᠠᠭᠠᠰᠤᠨ·ᠰᠢᠨᠠᠮᠦ᠋ᠷᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2721
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ