☆ ᠰᠤ᠋·ᠦᠨᠡᠠᠴᠢ
ᠰᠡᠭᠦᠷᠡᠰᠦᠯᠡᠯ
ᠰᠢᠪᠠᠷᠠᠨ ᠰᠢᠪᠠᠷᠠᠨ
ᠪᠣᠷᠤᠭᠠᠨ ᠣᠷᠤᠵᠤ
ᠰᠠᠮᠠᠷᠠᠨ ᠰᠠᠮᠠᠷᠠᠨ
ᠪᠣᠳᠤᠯ ᠮᠢᠨᠢ ᠣᠷᠠᠭᠳᠠᠨᠠ
ᠰᠠᠳᠠᠷᠠᠨ ᠰᠠᠳᠠᠷᠠᠨ
ᠰᠡᠳᠭᠢᠯ ᠮᠢᠨᠢ ᠡᠮᠵᠡᠭᠯᠡᠵᠤ
ᠰᠢᠮᠰᠢᠷᠠᠨ ᠰᠢᠮᠰᠢᠷᠠᠨ
ᠵᠢᠷᠦᠭᠡ ᠮᠢᠨᠢ ᠣᠭᠢᠯᠠᠨ᠎ᠠ
ᠦᠯᠢᠶᠠᠨ ᠦᠯᠢᠶᠠᠨ
ᠰᠠᠯᠭᠢ ᠪᠣᠰᠴᠤ
ᠣᠯᠠᠢ᠌ᠨ ᠣᠯᠠᠢ᠌ᠨ
ᠳᠡᠭ᠍ᠷᠢ ᠭᠠᠩᠳᠠᠵᠤ
ᠣᠨᠠᠨ ᠣᠨᠠᠨ
ᠭᠦᠮᠤᠨ ᠨᠢ ᠰᠤᠭᠳᠤᠵᠤ
ᠣᠶᠠᠷᠠᠨ ᠣᠶᠠᠷᠠᠨ
ᠭᠦᠳᠡᠭᠡ ᠨᠢ ᠡᠯᠡᠰᠦᠵᠢᠯᠡ
ᠭᠡᠯᠡᠯᠴᠡᠨ ᠭᠡᠯᠡᠯᠴᠡᠨ
ᠪᠠᠯᠴᠢᠭᠡᠷ ᠶᠢᠡᠨ ᠳᠦᠷᠢᠶᠠᠰᠤᠯᠠᠵᠤ
ᠭᠡᠰᠡᠭᠯᠡᠨ ᠭᠡᠰᠡᠭᠯᠡᠨ
ᠨᠤᠳᠤᠭ ᠶᠢᠡᠨ ᠬᠤᠳᠠᠯᠳᠤᠵᠤ
ᠭᠡᠪᠳᠡᠨ ᠭᠡᠪᠳᠡᠨ
ᠭᠡᠢ᠌ᠮᠦᠷᠢ ᠪᠠᠨ ᠠᠯᠳᠠᠵᠤ
ᠭᠡᠷᠡᠯᠳᠤᠨ ᠭᠡᠷᠡᠯᠳᠤᠨ
ᠪᠦᠯᠭᠦᠮᠳᠡᠯ ᠡᠪᠳᠡᠷᠡᠪᠡ
ᠬᠠᠭᠠᠯᠤᠨ ᠬᠠᠭᠠᠯᠤᠨ
ᠳᠠᠯ᠎ᠠ ᠮᠢᠨᠢ ᠰᠣᠢ᠌ᠤᠠᠪᠠ
ᠬᠠᠰᠢᠶᠠᠯᠠᠨ ᠬᠠᠰᠢᠶᠠᠯᠠᠨ
ᠮᠠᠯ ᠮᠢᠨᠢ ᠴᠥᠭᠡᠷᠡᠪᠡ
ᠬᠠᠷᠠᠨ ᠬᠠᠷᠠᠨ
ᠨᠢᠳᠤ ᠮᠢᠨᠢ ᠵᠠᠢ᠌ᠷᠳᠤᠪᠠ
ᠬᠠᠢ᠌ᠯᠠᠨ ᠬᠠᠢ᠌ᠯᠠᠨ
ᠨᠢᠯᠪᠣᠰᠤ ᠮᠢᠨᠢ ᠬᠠᠳᠠᠪᠠ
ᠵᠢᠷᠤᠭ ᠰᠢᠭ ᠭᠤᠶᠤᠬᠠᠨ ᠨᠤᠳᠤᠭ ᠊ᠤᠨ
ᠳᠤᠮᠤᠭ ᠰᠢᠭ ᠰᠠᠢ᠌ᠬᠠᠨ ᠭᠦᠮᠦᠰ
ᠵᠡᠭᠦᠳᠤ ᠨᠣᠢ᠌ᠷ ᠡᠴᠡ ᠪᠠᠨ ᠰᠤᠴᠢᠨ ᠰᠠᠷᠢᠪᠠ
ᠵᠢᠷᠦᠭᠡ ᠰᠡᠳᠭᠢᠯ ᠳᠡᠭᠡᠨ ᠭᠦᠨ ᠰᠡᠭᠦᠷᠡᠰᠦᠯᠡᠪᠡ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ