☆ ᠭᠤ᠋·ᠪᠠᠳᠤᠬᠤᠶᠠᠭ
ᠠᠯᠳᠠᠨ ᠬᠠᠷᠢᠶᠠᠴᠠᠢ
ᠡᠵᠢ ᠶᠢᠨ ᠶᠢᠡᠨ ᠶᠠᠷᠢᠵᠤ ᠥᠭ᠍ᠳᠡᠭ᠌
ᠠᠯᠳᠠᠨ ᠬᠠᠷᠢᠶᠠᠴᠠᠢ ᠶᠢᠨ ᠦᠯᠢᠭᠡᠷ ᠡᠴᠠ
ᠢᠷᠡᠯᠦᠭᠡ ᠪᠢ ︕
ᠡᠭᠡᠳᠡᠩ ᠭᠤᠳᠤᠯ ᠤᠨ ᠶᠢᠡᠨ ᠬᠤᠩᠰᠢᠶᠠᠷ ᠢ ᠪᠠᠷᠠᠭᠳᠠᠨ ᠪᠠᠷᠠᠭᠳᠠᠳᠠᠯ᠎ᠠ
ᠡᠯᠡᠰᠤ ᠲᠡᠶ ᠱᠠᠩᠳᠠ ᠲᠡᠶ ᠭᠤᠪᠢ ᠪᠠᠨ
ᠳᠠᠭᠤᠴᠠᠯᠤᠭᠠ ᠪᠢ ︕
᠁
ᠡᠷᠢᠭᠡᠳ ᠣᠯᠬᠤ ᠦᠭᠡᠶ ᠨᠢ ᠡ
ᠡᠵᠢ ᠶᠢ ᠪᠠᠨ᠃
ᠮᠥᠩᠭᠡ ᠶᠢᠨ ᠣᠰᠤᠨ ᠳᠤ ᠶᠠᠪᠣᠭᠰᠠᠨ
ᠰᠢᠪᠠᠭᠤ ᠶᠤᠮ ᠪᠣᠯᠬᠤᠷ ᠶᠢᠡᠷ ᠶᠢᠡᠨ ᠳᠠ
ᠮᠦᠷᠦᠭᠡᠳᠦᠯ ᠳᠤᠮᠳᠠᠭᠤᠷ ᠦᠷᠭᠦᠯᠵᠢᠯᠡᠵᠤ
ᠢᠷᠠᠵᠤ ᠯᠠ ᠶᠠᠪᠣᠭ᠎ᠠ ᠪᠣᠯ ᠦᠦ ᠳ᠋ᠠ
ᠰᠢᠤᠳᠠᠨ ᠭᠦᠷᠭᠦ ᠦᠭᠡᠶ ᠠᠯᠤᠰ ᠡᠴᠠ
ᠨᠢᠰᠦᠭᠡ ᠶᠤᠮ ᠪᠣᠯᠬᠤᠷ ᠶᠢᠡᠷ ᠶᠢᠡᠨ ᠳᠠ
ᠰᠢᠭᠤᠢ ᠮᠤᠳᠤᠨ ᠤ ᠮᠦᠴᠢᠷ ᠳᠡᠭᠡᠷ᠎ᠡ
ᠠᠮᠠᠷᠠᠵᠤ ᠯᠠ ᠰᠠᠭᠤᠭ᠎ᠠ ᠪᠣᠯ ᠦᠦ ᠳ᠋ᠠ
ᠬᠠᠳᠠ ᠰᠡᠮᠡᠯᠡᠭᠦ ᠰᠠᠯᠭᠢᠨ ᠳᠤ
ᠬᠠᠭᠠᠷᠠᠨ᠎ᠠ ᠡᠯᠡᠭ᠍ᠳᠡᠨ᠎ᠡ ᠭᠡᠭᠦᠨᠡ
ᠬᠠᠯᠠᠭᠤᠨ ᠡᠯᠢᠭᠡᠨ ᠤ ᠳᠤᠤᠳᠠᠢ ᠪᠠᠨ
ᠬᠠᠮᠠᠭᠠᠯᠠᠵᠤ ᠯᠠ ᠶᠠᠪᠣᠭ᠎ᠠ ᠳ᠋ᠠ ᠭᠦᠭᠡᠷᠦᠭᠡᠢ᠂
ᠪᠢᠳᠡᠭᠡᠢ ᠰᠤᠴᠢᠭᠠᠭᠠᠴᠢ᠂ ᠭᠦᠮᠦᠰ ᠡ ︕
ᠡᠷᠡᠤ ᠶᠢᠨ ᠳᠤᠤᠷ᠎ᠠ ᠡᠴᠠ ᠨᠢ ᠣᠷᠭᠤᠵᠤ
ᠡᠷᠭᠡᠰ ᠥᠩᠭᠡᠢ᠌ᠭ᠍ᠰᠡᠨ ᠦᠷ᠎ᠡ ᠳᠤ ᠪᠠᠨ
ᠡᠷᠳᠡ ᠬᠠᠪᠣᠷ ᠤᠨ ᠢᠷᠭᠤᠢ ᠪᠠᠷ
ᠡᠷᠭᠢᠭᠡᠳ ᠯᠠ ᠢᠷᠡᠭᠡᠴᠢ ᠡ ︕ ᠡᠵᠢ ᠮᠢᠨᠢ
ᠴᠠᠢ ᠶᠢᠨ ᠪᠠᠯ ᠲᠡᠶ ᠳᠠᠭᠱᠠ ᠶᠢ ᠴᠢᠨᠢ
ᠦᠷᠤᠮ᠎ᠠ ᠪᠠᠷ ᠪᠦᠷᠢᠵᠤ ᠳᠠᠭᠤᠳᠠᠶ᠎ᠠ
ᠴᠠᠮᠴᠠᠨ ᠤ ᠳᠠᠨᠢ ᠰᠦᠨ ᠡᠩᠭᠡᠷ ᠲᠤ
ᠬᠠᠴᠠᠷ ᠶᠢᠡᠨ ᠨᠠᠭᠠᠵᠤ ᠳᠠᠭᠤᠳᠠᠶ᠎ᠠ
ᠰᠡᠭᠦᠵᠢ ᠶᠢᠨ ᠣᠪᠣᠭᠠᠨ ᠤ ᠴᠢᠯᠠᠭᠤᠨ ᠳᠤ
ᠰᠥ᠋ ᠳᠤᠰᠤᠭᠠᠵᠤ ᠳᠠᠭᠤᠳᠠᠶ᠎ᠠ
ᠰᠡᠭᠦᠳᠡᠷᠳᠤ ᠳᠠᠯ᠎ᠠ ᠶᠢᠨ ᠠᠳᠤᠷᠢᠶ᠎ᠠ ᠶᠢ
ᠳᠠᠭᠤᠤ ᠪᠠᠷ ᠳᠡᠨᠢ᠌ᠯᠭᠡᠵᠤ ᠳᠠᠭᠤᠳᠠᠶ᠎ᠠ
ᠦᠷ ᠤᠨ ᠴᠠᠭᠠᠨ ᠭᠡᠭᠡᠨ ᠡᠴᠠ
ᠳᠠᠯᠠᠯᠭ᠎ᠠ ᠠᠪᠴᠤ ᠳᠠᠭᠤᠳᠠᠶ᠎ᠠ
ᠦᠳᠡᠰᠢ ᠶᠢᠨ ᠳᠤᠭᠢᠭᠤᠷ ᠣᠳᠤᠨ ᠳᠤ
ᠦᠨᠡᠨ ᠶᠢᠡᠨ ᠦᠴᠢᠨ ᠳᠠᠭᠤᠳᠠᠶ᠎ᠠ
ᠦᠷ᠎ᠡ ᠳᠤ ᠪᠠᠨ ᠢᠷᠡᠭᠡᠴᠢ ᠡ᠂ ᠡᠵᠢ ᠮᠢᠨᠢ᠃
ᠡᠵᠢ ᠶᠢᠨ ᠶᠢᠡᠨ ᠶᠠᠷᠢᠵᠤ ᠪᠠᠢ᠌ᠭᠰᠠᠨ
ᠠᠯᠳᠠᠨ ᠬᠠᠷᠢᠶᠠᠴᠠᠢ ᠶᠢᠨ ᠦᠯᠢᠭᠡᠷ ᠲᠤ
ᠪᠣᠴᠠᠨᠠᠮ ᠪᠢ ︕
ᠡᠷᠳᠡᠨᠢ ᠣᠰᠤ ᠪᠠᠷ ᠣᠰᠤᠯᠠᠭᠰᠠᠨ
ᠠᠷᠴᠠ ᠮᠤᠳᠤᠳ ᠤᠨ ᠳᠡᠭᠡᠭᠦᠷ
ᠡᠯᠢᠩᠭᠡᠨ ᠬᠠᠯᠢᠩᠬᠠᠨ ᠨᠢᠰᠴᠤ ᠶᠠᠪᠣᠨᠠᠮ ᠪᠢ ︕
ᠡᠷᠢᠭᠡᠳ ᠣᠯᠤᠯ᠎ᠠ ᠳ᠋ᠠ᠂
ᠡᠵᠢ ᠶᠢ ᠪᠠᠨ᠃
ᠴᠠᠭᠠᠭᠴᠢᠨ ᠳᠠᠤᠯᠠᠢ ᠵᠢᠯ ᠤᠨ ᠭᠤᠷᠪᠠᠨ ᠰᠠᠷ᠎ᠠ ᠶᠢᠨ ᠰᠢᠨ᠎ᠡ ᠶᠢᠨ ᠭᠤᠷᠪᠠᠨ ᠊᠊᠊᠊᠊᠊᠊᠊᠊᠊᠊᠊᠊᠊᠊ ᠨᠡᠭᠡᠭᠡᠭ᠍ᠰᠡᠨ ᠬᠠᠩᠰᠢᠨ᠎ᠠ
ᠵᠤᠬᠢᠶᠠᠭᠴᠢ ᠶᠢᠨ ᠬᠠᠶᠢᠭ ᠄ ᠪᠠᠷᠠᠭᠤᠨ ᠦᠵᠤᠮᠤᠴᠢᠨ
ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2012 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ