ᠨᠡᠪᠲᠡᠷᠡᠨ ᠤᠷᠤᠬᠤ
ᠡᠭᠡ ᠭᠡᠯᠡᠨ ᠤ ᠰᠠᠯᠭᠢᠨ

ᠭᠤᠮᠤᠳᠠᠪᠠᠯ ᠦᠪᠡᠷ ᠭᠢ ᠳᠤ ᠪᠠᠨ ᠭᠤᠮᠤᠳᠠ ᠭᠡᠰᠡᠨ

ᠵᠠᠷᠯᠢᠭ ᠪᠣᠯ ᠡᠭᠡ ᠭᠡᠯᠡ

ᠦᠰᠢᠪᠠᠯ ᠦᠪᠡᠷ ᠭᠢ ᠳᠤ ᠪᠠᠨ ᠦᠰᠢᠯᠳᠤ ᠭᠡᠰᠡᠨ

ᠵᠠᠶᠠᠭ᠎ᠠ ᠪᠣᠯ ᠡᠭᠡ ᠭᠡᠯᠡ

ᠰᠥᠭᠦᠷᠡᠪᠠᠯ ᠳᠡᠭᠡᠳᠦᠰ ᠳᠤ ᠪᠠᠨ ᠰᠥᠭᠦᠷᠡ ᠭᠡᠰᠡᠨ

ᠰᠦᠰᠦ ᠪᠣᠯ ᠡᠭᠡ ᠭᠡᠯᠡ

ᠬᠠᠢ᠌ᠷᠠᠯᠠᠪᠠᠯ ᠰᠤᠶᠤᠯ ᠶᠢᠡᠨ ᠬᠠᠢ᠌ᠷᠠᠯᠠ ᠭᠡᠰᠡᠨ

ᠰᠡᠳᠭᠢᠯ ᠪᠣᠯ ᠡᠭᠡ ᠭᠡᠯᠡ


ᠢᠳᠡᠭᠡᠪᠠᠯ ᠳᠡᠭ᠍ᠷᠢ ᠳ᠋ᠤ ᠪᠠᠨ ᠢᠳᠡᠭᠡ ᠭᠡᠰᠡᠨ

ᠶᠠᠰᠤ ᠪᠣᠯ ᠡᠭᠡ ᠭᠡᠯᠡ

ᠣᠶᠠᠷᠠᠪᠠᠯ ᠭᠠᠵᠠᠷ ᠲᠤ ᠪᠠᠨ ᠣᠶᠠᠷᠠ ᠭᠡᠰᠡᠨ

ᠴᠢᠰᠤ ᠪᠣᠯ ᠡᠭᠡ ᠭᠡᠯᠡ

ᠦᠪᠯᠠᠪᠠᠯ ᠬᠣᠢ᠌ᠴᠢᠰ ᠲᠤ ᠪᠠᠨ ᠦᠪᠯᠨ ᠭᠡᠰᠡᠨ

ᠦᠨᠡᠨ ᠪᠣᠯ ᠡᠭᠡ ᠭᠡᠯᠡ

ᠡᠪᠯᠡᠪᠠᠯ ᠬᠤᠯᠵᠢᠨ᠂ ᠪᠢᠯᠳᠠᠤᠴᠢ ᠪᠣᠯ ᠬᠤᠳᠠᠯ ᠭᠡᠰᠡᠨ

ᠬᠠᠤᠯᠢ ᠪᠣᠯ ᠡᠭᠡ ᠭᠡᠯᠡ


ᠥᠨᠡᠷᠭᠡᠪᠠᠯ ᠡᠭᠡ ᠣᠷᠤᠨ ᠶᠢᠡᠨ ᠥᠨᠡᠷᠭᠡ ᠭᠡᠰᠡᠨ

ᠳᠠᠩᠭ᠋ᠠᠷᠢᠭ ᠪᠣᠯ ᠡᠭᠡ ᠭᠡᠯᠡ

ᠨᠠᠠᠳᠢᠩᠨᠠᠪᠠᠯ ᠨᠠᠷᠠ ᠪᠠᠨ ᠨᠠᠠᠳᠢᠩᠨᠠ ᠭᠡᠰᠡᠨ

ᠣᠬᠠᠭᠠᠷᠠᠯ ᠪᠣᠯ ᠡᠭᠡ ᠭᠡᠯᠡ

ᠡᠪᠰᠡᠪᠠᠯ ᠰᠠᠷᠠᠨ ᠳᠤ ᠪᠠᠨ ᠭᠡᠢ᠌ᠷᠭᠡ ᠭᠡᠰᠡᠨ

ᠭᠦᠰᠡᠯ ᠪᠣᠯ ᠡᠭᠡ ᠭᠡᠯᠡ

ᠪᠠᠶᠠᠰᠪᠠᠯ ᠳᠠᠮᠠᠴᠠᠯ ᠳᠤ ᠪᠠᠨ ᠪᠠᠶᠠᠰ ᠭᠡᠰᠡᠨ

ᠡᠷᠳᠡᠮ ᠪᠣᠯ ᠡᠭᠡ ᠭᠡᠯᠡ


ᠣᠢ᠌ᠯᠠᠰ ᠲᠤ ᠪᠠᠨ ᠴᠢᠷᠮᠠᠢ᠌ᠭᠳᠤᠨ ᠭᠡᠰᠡᠨ

ᠦᠨᠡᠨ ᠶᠤᠰᠤ ᠪᠣᠯ ᠡᠭᠡ ᠭᠡᠯᠡ

ᠤᠢ᠌ᠳᠬᠠᠷ ᠶᠢᠡᠨ ᠭᠠᠩᠭ᠋ᠠᠯᠠ ᠭᠡᠰᠡᠨ

ᠤᠳᠬ᠎ᠠ ᠰᠤᠶᠤᠯ ᠪᠣᠯ ᠡᠭᠡ ᠭᠡᠯᠡ

ᠠᠭᠤᠯᠠ᠂ ᠲ᠋ᠠᠯ᠎ᠠ᠂ ᠣᠰᠤ ᠪᠠᠨ ᠰᠢᠯᠦᠭᠯᠨ ᠭᠡᠰᠡᠨ

ᠭᠤᠸ᠎ᠠ ᠰᠠᠢ᠌ᠬᠠᠨ ᠪᠣᠯ ᠡᠭᠡ ᠭᠡᠯᠡ

ᠠᠮᠢᠳᠤᠷᠠᠯ ᠪᠣᠯ ᠭᠤᠸ᠎ᠠ ᠰᠠᠢ᠌ᠬᠠᠨ ᠭᠡᠰᠡᠨ

ᠰᠡᠳᠭᠢᠯ ᠤᠨ ᠣᠬᠠᠭᠠᠷᠠᠯ ᠡᠭᠡ ᠭᠡᠯᠡ

ᠳᠠᠯ᠎ᠠ ᠶᠢᠨ ᠰᠢᠪᠠᠭᠤ ᠪᠠᠨ ᠴᠤ ᠬᠠᠢ᠌ᠷᠠᠯᠠᠬᠤ

ᠳᠤᠯᠠᠭᠠᠨ ᠪᠣᠳᠤᠯ ᠡᠭᠡ ᠭᠡᠯᠡ

ᠭᠦᠭᠡ ᠳᠡᠭ᠍ᠷᠢ᠂ ᠭᠦᠷᠦᠰᠦᠳᠤ ᠳᠠᠯ᠎ᠠ᠂ ᠭᠦᠮᠤᠨ ᠮᠤᠩᠭ᠋ᠤᠯ ᠵᠢᠠᠨ

ᠬᠠᠢ᠌ᠷ᠎ᠠ ᠪᠠᠷ ᠬᠠᠷᠠᠬᠤ ᠭᠡᠰᠡᠨ ᠨᠢᠳᠤ ᠡᠭᠡ ᠭᠡᠯᠡ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤᠨ ᠤ ᠵᠡᠭᠦᠨ ᠳᠠᠪᠢᠨ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2863
ᠴᠠᠭ᠄ 2012 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ