ᠨᠡᠪᠲᠡᠷᠡᠨ ᠤᠷᠤᠬᠤ
ᠥᠩᠭᠡᠷᠡᠭᠦᠳ

ᠥᠡᠳᠦᠷᠯᠢᠭ᠌ ᠨᠤᠳᠤᠭ ᠤᠨ ᠭᠦ ᠭᠦᠪᠴᠢ ᠡᠭᠢ ᠨᠢᠷᠤᠭᠤᠳ ᠶᠢᠡᠷ ᠬᠠᠶᠠ ᠨᠢᠭᠡ ᠳᠠᠭᠠᠷᠢᠵᠤ ᠭᠠᠷᠳᠠᠭ ᠥᠩᠭᠡᠷᠡᠭᠦᠤᠨ ᠭᠡᠭ᠍ᠴᠢ ᠦᠪᠡᠷᠴᠠ ᠶᠤᠮ᠃ ᠴᠡᠩᠭᠡᠷ ᠳᠡᠭ᠍ᠷᠢ ᠳᠤ ᠨᠠᠷᠠ ᠭᠢᠯᠠᠰᠤᠭᠠᠤᠨ ᠨᠢᠳᠤ ᠠᠨᠢᠢᠯᠭᠠᠵᠤ ᠰᠢᠭᠦᠷ ᠡᠷᠢᠭᠡᠤᠨ ᠰᠡᠭᠦᠳᠡᠷ ᠬᠠᠢ᠌ᠮᠠᠷ᠂ ᠳᠤᠩᠭ᠋ᠠᠯᠠᠭ ᠳᠡᠨᠢᠭᠡᠷ ᠡᠳᠦᠷ ᠪᠠᠢ᠌ᠭᠠᠤᠨ ᠴᠤᠬᠤᠮ ᠶᠠᠮᠠᠷ ᠠᠳᠠ ᠣᠷᠤᠰᠢᠴᠢᠬᠠᠪᠠ ᠭᠡᠮᠡᠷ ᠨᠠᠤᠠᠬᠤᠨ ᠣᠢ᠌ᠬᠤ ᠠᠳᠤᠭᠤᠨ ᠰᠥᠷᠦᠭ᠌ ᠰᠢᠭ ᠭᠡᠨᠡᠳᠲᠡ ᠬᠤᠮᠢᠷᠠᠨ ᠴᠤᠭᠯᠠᠷᠠᠬᠤ ᠪᠦᠭᠡᠮ ᠪᠦᠭᠡᠮ ᠬᠠᠷ᠎ᠠ ᠡᠭᠦᠯᠡᠨ ᠡᠴᠡ ᠭᠡᠷᠡᠯ ᠰᠠᠴᠤᠷᠠᠨ ᠯᠤᠤ ᠳᠠᠴᠢᠭᠢᠨᠠᠵᠤ᠂ ᠪᠠᠷᠤᠭ ᠤᠨ ᠭᠦᠮᠤᠨ ᠳᠤᠯᠤᠭᠠᠢ ᠴᠤᠬᠣᠢ᠌ᠯᠭᠠᠵᠤ ᠴᠢᠳᠠᠮᠠᠷ ᠦᠭᠡᠶ ᠬᠤᠷᠭᠤᠰᠤᠨ ᠴᠢᠨᠡᠭᠡᠨ ᠴᠡᠩᠭᠡᠷ ᠮᠦᠨᠳᠤᠷ ᠶᠢᠡᠷ ᠴᠤᠭᠢᠯᠠᠨ ᠰᠢᠭᠤᠷᠴᠤ᠂ ᠰᠢᠷᠦᠭᠦᠨ ᠠᠭᠠᠰᠢᠯᠠᠭᠠᠤᠨ ᠮᠦᠴᠡ ᠪᠣᠯᠤᠯ ᠦᠭᠡᠶ ᠳᠠᠭᠢᠨ ᠳᠠᠨᠠᠢ᠌ᠨ ᠭᠡᠢ᠌ᠵᠤ᠂ ᠨᠠᠷᠠ ᠭᠠᠷᠤᠭᠠᠤᠨ ᠭᠠᠩᠭ᠋᠎ᠠ ᠭᠤᠤ ᠪᠠᠷ ᠮᠦᠰᠭᠢᠨ ᠱᠤᠤᠭᠢᠬᠤ ᠦᠶᠡᠷ ᠤᠨ ᠣᠯᠠᠭᠠᠨ ᠣᠰᠤ ᠶᠢ ᠬᠠᠮᠢᠭ᠎ᠠ ᠡᠴᠡ ᠨᠢ ᠢᠷᠡᠭ᠍ᠰᠡᠨ ᠢ ᠭᠦᠭᠡ ᠳᠡᠭ᠍ᠷᠢ ᠦᠪᠡᠷ ᠶᠢᠡᠨ ᠴᠤ ᠮᠠᠳᠠᠯ ᠦᠭᠡᠶ ᠥᠩᠭᠡᠢ᠌ᠨ ᠭᠠᠢ᠌ᠬᠠᠬᠤ ᠰᠢᠭ ᠵᠥᠭᠡᠯᠡᠨ ᠭᠡᠷᠡᠯ ᠰᠠᠴᠤᠷᠠᠭᠠᠳᠠᠭ ᠨᠢ ᠠᠷᠭ᠎ᠠ ᠦᠭᠡᠶ ᠡᠭᠦᠰᠭᠦ ᠴᠠᠭ ᠠᠭᠤᠷ ᠤᠨ ᠣᠬᠠᠭᠠᠨ᠂ ᠡᠭᠡ ᠪᠠᠢ᠌ᠭᠠᠯᠢ ᠶᠢᠨ ᠭᠠᠢ᠌ᠬᠠᠮᠰᠢᠭ ᠪᠠᠢ᠌ᠳᠠᠯ᠎ᠠ ᠪᠠᠰᠠ ᠭᠦᠮᠦᠰ ᠲᠤ ᠪᠣᠷᠬᠠᠨ ᠳᠡᠭ᠍ᠷᠢ ᠪᠠᠭᠳᠠᠵᠤ ᠶᠠᠳᠠᠭᠰᠠᠨ ᠠᠭᠤᠷ ᠭᠢᠯᠢᠩ ᠶᠢᠡᠨ ᠵᠠᠳᠠᠷᠠᠭᠠᠨ ᠠᠷᠢᠯᠭᠠᠭᠠᠤᠨ ᠰᠠᠨᠠᠭ᠎ᠠ ᠠᠮᠠᠷᠠᠭᠰᠠᠨ ᠴᠤ ᠪᠣᠯᠪᠠᠤ ᠭᠡᠮᠡᠷ ᠣᠪᠢᠳᠢᠰ ᠲᠡᠶ ᠰᠠᠨᠠᠭᠳᠠᠭᠤᠯᠳᠠᠭ᠃

ᠵᠤᠨ ᠤ ᠠᠮᠠᠷᠠᠯᠳᠠ ᠳᠤ ᠪᠢ ᠭᠡᠳᠤᠨ ᠡᠳᠦᠷ ᠴᠤ ᠭᠡᠰᠡᠨ ᠰᠠᠭᠠᠯᠢ ᠰᠥ᠋ ᠳᠠᠮᠨᠠᠨ ᠮᠠᠯ ᠬᠠᠷᠢᠭᠤᠯᠵᠤ ᠨᠤᠳᠤᠭ ᠤᠨ ᠪᠠᠷ᠎ᠠ ᠦᠵᠡᠯ ᠦᠭᠡᠶ ᠣᠳᠠᠭᠰᠠᠨ ᠰᠠᠤᠠᠭᠢᠯ ᠤᠨ ᠭᠠᠩ ᠶᠢᠡᠨ ᠬᠠᠠᠳᠠᠯ᠎ᠠ ᠨᠢᠭᠡ ᠴᠠᠢ᠌ᠯᠭᠠᠬᠤ ᠭᠡᠵᠤ ᠭᠦᠳᠡᠭᠡ ᠭᠡᠷ ᠲᠡᠭᠡᠨ ᠢᠷᠠᠯ᠎ᠠ᠃

ᠨᠢᠭᠡ ᠦᠳᠡ ᠬᠣᠢ᠌ᠰᠢ ᠪᠢ ᠮᠠᠯ ᠶᠢᠡᠨ ᠡᠷᠭᠢᠭᠦᠯᠵᠤ ᠢᠷᠡᠭᠡᠤᠨ ᠭᠡᠷ ᠤᠨ ᠭᠠᠳᠠᠰ ᠨᠠᠭᠤᠷ ᠲᠤ ᠠᠷᠬᠠᠯᠠᠭᠠᠳᠠᠢ ᠬᠤᠶᠠᠷ ᠮᠤᠷᠢ ᠪᠠᠨ ᠣᠰᠤᠯᠠᠭᠠᠤᠨ ᠣᠯᠠᠷᠢᠬᠤ ᠭᠡᠵᠤ ᠬᠠᠳᠠ ᠥᠵᠦᠭᠦᠷ ᠬᠠᠳᠡᠷᠢᠨ ᠭᠦᠶ‍ᠦᠭᠦ ᠵᠠᠪᠰᠠᠷ ᠴᠢᠯᠠᠭᠤ ᠭᠠᠢ᠌ᠬᠠᠨ ᠥᠵᠡᠰᠭᠦᠯᠡᠩ ᠵᠠᠰᠠᠵᠤ ᠪᠣᠯᠤᠮᠠᠷ ᠪᠠᠢ᠌ᠭᠠᠯᠯᠢᠭ ᠭᠡ ᠲᠡᠶ ᠬᠠᠴᠢᠨ ᠡᠪᠯᠢᠭ᠌ ᠴᠢᠯᠠᠭᠤ ᠣᠯᠬᠤ ᠰᠠᠨᠠᠭᠠᠳᠠᠢ ᠭᠠᠵᠠᠷ ᠰᠢᠷᠳᠠᠨ ᠵᠤᠭᠰᠤᠭᠰᠠᠭᠠᠷ ᠭᠡᠴᠢᠨᠡᠨ ᠣᠳᠠᠭᠰᠠᠨ ᠢ ᠮᠡᠳᠡᠭᠦ ᠦᠭᠡᠶ᠃ 《ᠭᠦᠶ‍ᠢ ᠭᠡᠦᠭᠡ ᠡ︕ ᠰᠢᠮᠳᠠᠭᠤᠨ ᠭᠤᠤᠯ ᠶᠢᠡᠷ ᠨᠠᠭᠠᠷ᠎ᠠ ᠭᠠᠷᠴᠤ ᠢᠷ᠎ᠠ᠂ ᠥᠩᠭᠡᠷᠡᠭᠦᠤᠨ ᠢᠷᠡᠭᠦ ᠪᠠᠷ ᠪᠠᠢ᠌ᠨ᠎ᠠ》 ᠭᠡᠤᠨ ᠨᠠᠳᠠ ᠶᠢ ᠬᠠᠢ᠌ᠭᠢᠷᠤᠨ ᠳᠠᠯᠯᠠᠬᠤ ᠡᠵᠢ ᠪᠠᠨ ᠥᠵᠡᠭᠡᠤᠨ 《ᠶᠠᠭᠤᠨ ᠳᠠᠭᠠᠨ ᠳᠠᠭᠡᠵᠤ ᠰᠠᠠᠳᠤᠷᠠᠬᠤ ᠪᠣᠢ᠂ ᠪᠣᠷᠤᠭ᠎ᠠ ᠥᠵᠡᠭᠡ ᠦᠭᠡᠶ ᠶᠤᠮ ᠪᠢᠰᠢ︕ ᠬᠤᠳᠠᠨ ᠤ ᠪᠠᠨ ᠵᠠᠬ᠎ᠠ ᠳᠤ ᠵᠤᠭᠰᠤᠵᠤ ᠪᠠᠢ᠌ᠭᠠᠤᠨ ᠭᠤᠤᠯ ᠳᠤ ᠪᠣᠭᠤᠭᠳᠠᠴᠢᠬᠠᠬᠤ ᠦᠭᠡᠶ ᠳ᠋ᠠ》 ᠭᠡᠰᠡᠨ ᠪᠣᠳᠤᠭᠳᠤᠭᠠᠤᠨ ᠭᠡᠳᠦᠢ ᠳ᠋ᠤᠨᠢ ᠬᠤᠪᠢᠷᠴᠢᠬᠠᠭᠰᠠᠨ ᠢ ᠮᠡᠳᠡᠭᠦ ᠦᠭᠡᠶ ᠬᠠᠷᠠᠯᠠᠨ ᠪᠦᠷᠭᠦᠭᠡᠤᠨ ᠰᠠᠯᠭᠢᠯᠠᠵᠤ ᠡᠭᠢᠯᠡᠭ᠍ᠰᠡᠨ ᠳᠡᠭ᠍ᠷᠢ ᠶᠢ ᠬᠠᠷᠠᠵᠤ ᠠᠷᠭ᠎ᠠ ᠦᠭᠡᠶ ᠴᠢᠯᠠᠭᠤ ᠭᠠᠢ᠌ᠬᠠᠬᠤ ᠠᠩᠬᠠᠷᠤᠯ ᠶᠢᠡᠨ ᠣᠷᠭᠢᠨ ᠳᠤᠷ᠎ᠠ ᠲᠤ ᠳᠤᠷ᠎ᠠ ᠦᠭᠡᠶ ᠮᠤᠷᠢ ᠵᠥᠭ᠌ ᠶᠢᠡᠨ ᠠᠯᠬᠤᠯ᠎ᠠ᠃

ᠭ᠍ᠱᠡᠨ ᠵᠠᠭᠤᠷ᠎ᠠ ᠳᠡᠭ᠍ᠷᠢ ᠭᠠᠵᠠᠷ ᠨᠤᠷᠠᠬᠤ ᠰᠢᠭ ᠯᠤᠤ ᠶᠢᠨ ᠳᠠᠭᠤᠨ ᠳᠠᠴᠢᠭᠠᠨᠠᠨ ᠨᠢᠷᠭᠢᠵᠤ ᠳᠠᠪᠠ ᠶᠢᠨ ᠡᠭᠢᠨ ᠳᠤ ᠢᠳᠠᠰᠢᠯᠠᠵᠤ ᠪᠠᠢ᠌ᠭᠰᠠᠨ ᠢᠮᠠᠭᠠᠤᠨ ᠮᠠᠢ᠌ᠯᠠᠯᠳᠤᠨ ᠴᠤᠤᠭᠢᠯᠳᠤᠵᠤ ᠨᠦᠮᠦᠷᠢ ᠡᠷᠢᠨ ᠡᠷᠭᠢ ᠭᠤᠤᠯ ᠣᠷᠤᠭᠤ ᠵᠠᠯ᠎ᠠ ᠳᠠᠳᠠᠨ ᠥᠢᠯᠳᠦᠭᠠᠳ ᠳᠡᠭ᠍ᠷᠢ ᠶᠢᠨ ᠰᠤᠮᠤ ᠭᠡᠮᠡᠷ ᠮᠦᠰᠤᠨ ᠴᠠᠭᠠᠨ ᠮᠦᠨᠳᠤᠷ ᠤᠳ ᠰᠤᠮᠤᠳᠠᠨ ᠪᠠᠭᠤᠪᠠ᠃ ᠡᠵᠢ ᠳᠡᠯᠭᠡᠭᠡᠰᠦᠳᠡᠢ ᠴᠤᠢᠷᠮ᠎ᠠ ᠪᠠᠨ ᠭᠡᠳᠥᠢᠨ ᠠᠪᠴᠤ ᠠᠮᠵᠢᠭᠠᠤᠨ ᠳᠦᠯᠡᠭᠡ ᠠᠷᠭᠠᠰᠤ ᠪᠠᠨ ᠬᠤᠴᠢᠵᠤ ᠭᠡᠯᠭᠢᠶᠡᠨ ᠤ ᠳᠡᠭᠡᠰᠤ ᠪᠠᠨ ᠴᠤᠭᠯᠠᠭᠤᠯᠤᠨ ᠶᠠᠭᠠᠷᠠᠨ᠎ᠠ᠃ ᠣᠨᠤᠭᠠᠨ ᠤ ᠬᠤᠶᠠᠷ ᠮᠤᠷᠢ ᠮᠢᠨᠢ ᠭᠡᠨ ᠨᠢᠭᠡ ᠨᠢ ᠢᠷᠠᠵᠤ ᠨᠠᠮ᠎ᠠ ᠶᠢ ᠪᠣᠤ ᠯᠠ ᠭᠦᠳᠡᠯᠭᠡᠰᠡᠢ ᠭᠡᠰᠡᠨ ᠰᠢᠭ᠌ ᠵᠢᠪᠠᠷ ᠳᠠᠭᠠᠤ ᠡᠷᠭᠢᠵᠤ ᠰᠡᠭᠦᠯ ᠶᠢᠡᠨ ᠳᠠᠷᠤᠭᠠᠤᠨ ᠨᠢᠳᠤ ᠪᠠᠨ ᠠᠨᠢᠪᠴᠢᠯᠠᠨ ᠬᠤᠯᠣᠢ᠌ᠵᠤ ᠵᠤᠭᠰᠤᠨ᠎ᠠ᠃ ᠠᠪᠣᠭᠰᠠᠨ ᠮᠤᠷᠢ ᠴᠤ ᠦᠭᠡᠶ ᠪᠢ ᠨᠢᠳᠤ ᠦᠭᠡᠶ ᠴᠤᠭᠢᠯᠠᠬᠤ ᠮᠦᠨᠳᠤᠷ ᠲᠤ ᠭᠠᠷ ᠬᠠᠪᠣᠳᠳᠠᠯ᠎ᠠ ᠴᠤᠭᠢᠭᠤᠯᠤᠭᠰᠠᠨ ᠴᠤ ᠶᠠᠭᠠᠭᠢᠬᠤ ᠪᠣᠢ︕ ᠳᠤᠯᠤᠭᠠᠢ ᠪᠠᠨ ᠪᠠᠷᠢᠨ ᠪᠦᠭ᠍ᠴᠥᠢᠵᠤ ᠨᠢᠳᠤ ᠴᠢᠭᠢ ᠪᠠᠨ ᠬᠠᠮᠠᠭᠠᠯᠠᠬᠤ ᠯᠠ ᠭᠡᠷᠡᠭ᠌ ᠪᠣᠯᠤᠯ᠎ᠠ᠃ ᠡᠷᠭᠢ ᠣᠷᠤᠭᠤ ᠬᠤᠳᠠ ᠪᠠᠷ ᠶᠢᠡᠨ ᠭᠦᠶ‍ᠦᠭ᠍ᠰᠡᠨ ᠢᠮᠠᠭ᠎ᠠ ᠪᠠᠨ ᠳᠤᠭᠳᠠᠭᠠᠵᠤ ᠠᠪᠬᠤ ᠰᠠᠨᠠᠭ᠎ᠠ ᠪᠠᠷᠢᠵᠤ ᠪᠦᠳᠦᠷᠢᠵᠤ ᠬᠡᠯᠳᠦᠷᠡᠨ ᠭᠦᠶ‍ᠦᠭ᠍ᠰᠡᠨ ᠪᠣᠯᠪᠠᠴᠤ ᠣᠢ᠌ᠯᠠ ᠭᠦᠳᠡᠯᠦᠯ ᠦᠪᠡᠷ ᠤᠨ ᠣᠬᠠᠭᠠᠨ ᠳᠤ ᠶᠠᠷᠤ ᠵᠠᠭᠢᠷᠤᠭᠳᠠᠬᠤ ᠦᠭᠡᠶ ᠪᠠᠢ᠌ᠯ᠎ᠠ᠂ ᠪᠣᠷᠴᠠᠭ ᠬᠠᠭᠤᠷᠠᠬᠤ ᠰᠢᠭ ᠬᠤᠷᠭᠤᠰᠤᠨ ᠴᠢᠨᠡᠭᠡᠨ ᠮᠦᠨᠳᠤᠷ ᠡ᠊ᠨᠳᠡ ᠳᠠᠠᠳᠠ ᠳᠤᠰᠤᠭᠠᠤᠨ ᠨᠢᠳᠤ ᠬᠠᠯᠢᠶᠠᠵᠤ ᠳᠡᠢ᠌ᠯᠭᠦ ᠦᠭᠡᠶ ᠶᠠᠳᠠᠷᠠᠭᠤᠯᠤᠨ᠎ᠠ᠃ 《ᠭᠦ︕ ᠢᠮᠠᠭ᠎ᠠ ᠪᠠᠨ ᠤᠷᠭᠢᠴᠢᠬ᠎ᠠ ᠪᠢᠳᠡᠭᠡᠢ ᠳᠤᠭᠳᠠᠭ᠎ᠠ︕ ᠦᠪᠡᠷ ᠶᠢᠡᠨ ᠭᠤᠤᠯ ᠡᠴᠡ ᠬᠤᠯᠠ ᠪᠠᠢ︕ ᠳᠠᠷᠠ ᠭᠡᠳᠦᠢ ᠭᠦᠳᠦᠷᠦᠡᠭ᠌ ᠳᠤᠭᠤᠭᠳᠠᠪᠠᠯ ᠳᠤᠭᠤᠭᠳᠠᠬᠤ ᠡᠴᠡ ᠪᠢᠰᠢ ᠶᠠᠭᠠᠭᠢᠬᠤ ᠪᠣᠢ》 ᠭᠡᠤᠨ ᠡᠵᠢ ᠪᠠᠴᠢᠮᠳᠠᠨ ᠬᠠᠢ᠌ᠭᠢᠷᠤᠨ᠎ᠠ᠃

ᠮᠦᠨᠳᠤᠷ ᠵᠢᠭᠠᠬᠠᠨ ᠨᠠᠮᠳᠠᠭᠠᠤᠨ ᠣᠰᠤᠯᠢᠭ ᠳᠤᠰᠤᠯ ᠪᠠᠭᠤᠬᠤ ᠦᠶ᠎ᠡ ᠭᠡᠷ ᠵᠥᠭ᠌ ᠶᠢᠡᠨ ᠡᠷᠭᠢᠳᠡᠯ᠎ᠡ ᠡᠵᠢ ᠪᠠᠰᠠ 《ᠮᠢᠨᠤ ᠭᠡᠦᠭᠡᠨ ᠪᠢᠳᠡᠭᠡᠢ ᠨᠠᠭᠠᠷ᠎ᠠ ᠶᠠᠪᠣ᠂ ᠭᠤᠤᠯ ᠳᠤ ᠣᠢ᠌ᠷᠠᠳᠤᠪᠠᠯ ᠠᠶᠤᠯ ᠲᠡᠶ ᠪᠣᠯᠤᠨ᠎ᠠ᠂ ᠥᠭᠡᠳᠡ ᠪᠠᠨ ᠭᠦᠶ‍ᠦᠭᠡᠳ ᠡᠦᠰᠤᠨ ᠠᠪᠬᠤ ᠦᠭᠡᠶ ᠦᠨᠳᠦᠷ ᠭᠠᠵᠠᠷ ᠣᠯᠤᠭᠠᠤᠨ ᠰᠠᠭᠤ》 ᠭᠡᠤᠨ ᠨᠠᠳᠠ ᠡᠴᠡ ᠵᠠᠭᠤᠭᠠᠤᠨ ᠮᠸᠲ᠋ᠷ ᠤᠨ ᠵᠠᠢ᠌ᠳᠠᠢ ᠭᠤᠤᠯ ᠤᠨ ᠴᠠᠭᠠᠨ᠎ᠠ ᠳᠠᠠᠵᠢᠨ ᠳᠡᠭᠡᠷ᠎ᠡ ᠡᠴᠡ ᠳᠠᠪᠳᠠᠨ ᠬᠠᠢ᠌ᠭᠢᠷᠤᠨ᠎ᠠ ᠃ ᠡᠨᠡ ᠣᠳᠠᠭᠠᠨ ᠤ ᠥᠩᠭᠡᠷᠡᠭᠦᠤᠨ ᠰᠠᠶ‍ᠢᠬᠠᠨ ᠮᠢᠨᠤ ᠰᠠᠨᠠᠭᠰᠠᠨ ᠰᠢᠭ ᠭᠢᠯᠪᠠᠷ ᠪᠢᠰᠢ ᠪᠣᠯᠬᠤ ᠶᠢ ᠰᠠ‍‌ᠶᠢ ᠣᠢ᠌ᠯᠭᠠᠯ᠎ᠠ᠁

ᠨᠠᠮ᠋ᠢ᠋ᠢ ᠴᠠᠭᠠᠷ᠎ᠠ ᠪᠠᠨ ᠵᠢᠦᠡᠭᠦᠨ ᠡᠵᠢ ᠶᠢᠨ ᠵᠠᠩᠭ᠋ᠠᠭᠰᠠᠨ ᠭᠠᠵᠠᠷ ᠭᠦᠷᠴᠤ ᠰᠠᠭᠤᠬᠤ ᠳᠤ ᠳᠡᠭ᠍ᠷᠢ ᠴᠤ ᠭᠡᠢ᠌ᠵᠤ ᠨᠠᠷᠠ ᠪᠦᠯᠳᠡᠢ᠌ᠭᠡᠤᠨ ᠡᠨᠡ ᠥᠩᠭᠡᠷᠡᠭᠦᠤᠨ ᠤᠨ ᠳᠤᠬᠠᠢ ᠪᠣᠳᠤᠯ ᠠᠪᠴᠤ ᠠᠮᠵᠢᠭᠠᠳᠤᠢ ᠪᠠᠢ᠌ᠳᠠᠯ᠎ᠠ ᠰᠠᠶ‍ᠢᠬᠠᠨ ᠭᠠᠵᠠᠷ ᠴᠠᠢ᠌ᠳᠠᠯ᠎ᠠ ᠪᠠᠭᠤᠭᠰᠠᠨ ᠮᠦᠰᠤᠨ ᠴᠠᠭᠠᠨ ᠮᠦᠨᠳᠤᠷ ᠤᠳ ᠭᠦᠭᠡᠰᠤᠨ ᠪᠦᠮᠪᠦᠭᠡ ᠶᠢᠨ ᠭᠡᠢ ᠭᠠᠷᠬᠤ ᠰᠢᠭ ᠭᠡᠳᠥᠢᠨ ᠬᠠᠢ᠌ᠯᠵᠤ ᠦᠭᠡᠶ ᠪᠣᠯᠤᠭᠠᠤᠨ ᠶᠠᠮᠠᠷ ᠰᠢᠳᠢ ᠪᠠᠷ ᠨᠢ ᠣᠯᠠᠭᠠᠨ ᠥᠩᠭᠡ ᠣᠷᠤᠴᠢᠬᠠᠪᠠ ᠭᠡᠮᠡᠷ︕ ᠰᠤᠳᠠᠭ ᠬᠤᠳᠤᠭᠤᠷ ᠪᠣᠯᠭᠠᠨ ᠶᠢᠡᠷ ᠯᠠ ᠣᠯᠠᠭᠠᠨ ᠣᠰᠤ ᠵᠢᠷᠠᠯᠵᠢᠨ ᠣᠷᠤᠰᠴᠤ ᠠᠶᠤᠮᠰᠢᠭᠳᠠᠢ ᠠᠶᠤᠯ ᠠᠷᠤ ᠳ᠋ᠤᠨᠢ ᠭᠠᠷᠳᠠᠭ ᠪᠠᠢ᠌ᠨ᠎ᠠ ᠃ ᠳᠡᠭ᠍ᠷᠢ ᠭᠡᠢ᠌ᠭᠡᠤᠨ ᠠᠷᠪᠠ ᠭᠠᠷᠤᠢ ᠯᠠ ᠮᠢᠨᠦ᠋ᠲ᠋ ᠪᠣᠯᠬᠤ ᠳᠤ ᠠᠭᠤᠯᠠ ᠬᠠᠳᠠ ᠨᠤᠷᠠᠨ ᠣᠷᠤᠰᠬᠤ ᠰᠢᠭ ᠰᠦᠷᠳᠠᠢ ᠱᠤᠤᠭᠢᠵᠤ ᠥᠭᠡᠷ ᠴᠢᠯᠠᠭᠤᠳ ᠢ ᠬᠠᠷᠴᠢᠭᠢᠨᠠᠭᠤᠯᠤᠨ ᠮᠥᠷᠭᠦᠯᠳᠦᠭᠦᠯᠵᠤ ᠭᠦᠭᠡᠭᠡᠤᠨ ᠣᠰᠤᠨ ᠤ ᠡᠭᠢᠨ ᠳᠡᠭᠡᠨ ᠢᠮᠠᠭ᠎ᠠ ᠮᠠᠯ ᠢ ᠭᠠᠭᠴᠠ ᠪᠠᠷᠭᠢᠷᠠᠬᠤ ᠵᠠᠭᠤᠷ᠎ᠠ ᠡᠪᠭᠢᠨ ᠳᠠᠭᠤᠭᠰᠠᠨ ᠦᠶᠡᠷ ᠤᠨ ᠣᠯᠠᠭᠠᠨ ᠣᠰᠤ ᠭᠤᠤᠯ ᠤᠨ ᠡᠷᠭᠢ ᠳᠡᠭᠡᠨ ᠪᠠᠭᠳᠠᠵᠤ ᠶᠠᠳᠠᠨ ᠦᠨᠳᠠᠯᠵᠠᠨ ᠬᠤᠳᠤᠯᠵᠠᠨ ᠮᠤᠰᠭᠢᠷᠠᠭᠠᠤᠨ ᠳᠠᠰ ᠨᠢᠰ ᠭᠡᠳᠡᠯ᠎ᠡ ᠳᠤᠰ ᠪᠠᠷ ᠥᠩᠭᠡᠷᠡᠪᠡ ᠃ ᠮᠠᠯᠴᠢᠨ ᠠᠢ᠌ᠯ ᠤᠨ ᠭᠡᠦᠭᠡᠰ ᠭᠡᠤᠨ ᠪᠠᠷᠳᠡᠢ᠌ᠳᠡᠭ᠌ ᠰᠠᠨᠠᠭ᠎ᠠ ᠮᠢᠨᠢ ᠪᠠᠢ᠌ᠭᠠᠯᠢ ᠶᠢᠨ ᠵᠤᠳ ᠲᠤ ᠡᠪᠯᠢᠭ᠌ ᠬᠠᠠᠳᠤᠬᠤ ᠦᠭᠡᠶ ᠪᠣᠯ ᠠᠮᠢ ᠪᠠᠨ ᠠᠮᠠᠷᠬᠠᠨ ᠦᠭ‍ᠭᠦ ᠶᠤᠮ ᠪᠠᠢ᠌ᠨ᠎ᠠ ᠭᠡᠭᠦ ᠡᠪ ᠦᠭᠡᠶ ᠳᠤ ᠳᠠᠷᠤᠭᠳᠠᠨ ᠱᠤᠤᠭᠢᠬᠤ ᠣᠯᠠᠭᠠᠨ ᠦᠶᠡᠷ ᠤᠨ ᠰᠦᠷ ᠲᠤ ᠵᠢᠷᠦᠭᠡ ᠳᠦᠭ᠍ᠰᠢᠨ ᠴᠢᠭᠢ ᠪᠦᠳᠡᠭᠢᠷᠡᠵᠤ ᠭᠠᠭᠴᠠ ᠳᠤᠯᠭᠢᠶᠠᠨ ᠳᠤ ᠮᠠᠢ᠌ᠯᠠᠵᠤ ᠠᠮᠵᠢᠭᠠᠳᠤᠢ ᠪᠠᠷ ᠠᠷᠴᠢᠭᠳᠠᠨ ᠭᠤᠤᠯ ᠤᠨ ᠳᠤᠮᠳᠠ ᠦᠭᠡᠶ ᠪᠣᠯᠬᠤ ᠢᠮᠠᠭᠠᠤᠨ ᠶᠢᠡᠨ ᠬᠠᠷᠠᠬᠤ ᠡᠴᠡ ᠨᠢᠳᠤ ᠬᠠᠯᠳᠤᠷᠢᠨ᠎ᠠ᠃ ᠡᠵᠢ ᠮᠢᠨᠢ ᠬᠠᠢ᠌ᠭᠢᠷᠴᠤ ᠳᠤᠭᠳᠠᠭᠠᠭᠰᠠᠨ ᠦᠭᠡᠶ ᠪᠣᠯ ᠪᠢ ᠴᠤ ᠢᠩᠭᠢᠭᠡᠤᠨ᠁ ᠭᠡᠵᠤ ᠪᠣᠳᠤᠬᠤ ᠡᠴᠡ ᠠᠢ᠌ᠳᠠᠰ ᠭᠦᠷᠤᠨ ᠭᠡᠰᠡᠭ᠌ ᠤᠨ ᠭᠡᠰᠡᠭ᠌ ᠲᠤ ᠡᠵᠢ ᠶᠢᠨ ᠶᠢᠡᠨ ᠵᠠᠩᠭ᠋ᠠᠵᠤ ᠦᠭ‍ᠭᠦᠭ᠍ᠰᠡᠨ ᠭᠠᠵᠠᠷ ᠡᠴᠡ ᠣᠶᠠᠭᠠᠳᠠᠢ ᠶᠤᠮᠰᠢᠭ ᠭᠦᠳᠡᠯᠦᠯ ᠦᠭᠡᠶ ᠵᠤᠭᠰᠤᠪᠠ᠃ ᠭᠦᠳᠡᠯᠭᠦ ᠵᠤᠷᠢᠭ ᠴᠤ ᠪᠠᠢ᠌ᠭᠰᠠᠨ ᠦᠭᠡᠶ᠃

ᠭᠦᠳᠡᠭᠡ ᠳᠡᠭᠡᠷ᠎ᠡ ᠥᠰᠦᠭ᠍ᠰᠡᠨ ᠮᠠᠯᠴᠢᠨ ᠠᠢ᠌ᠯ ᠤᠨ ᠭᠡᠦᠭᠡᠰ ᠤᠨ ᠨᠠᠷ᠎ᠠ ᠵᠡᠭᠦᠭ᠍ᠰᠡᠨ ᠴᠤ ᠰᠤᠷᠭᠠᠭᠤᠯᠢ ᠳᠤ ᠶᠠᠪᠣᠵᠤ ᠪᠣᠢ ᠭᠡᠤᠨ ᠪᠠᠢ᠌ᠰᠢᠩ ᠰᠠᠭᠢᠵᠤ ᠣᠳᠠᠭᠰᠠᠨ ᠡᠴᠡ ᠠᠵᠢᠯᠴᠢ᠂ ᠠᠵᠢᠭᠴᠢ᠂ ᠣᠷᠠᠯᠢᠭ᠂ ᠣᠬᠠᠭᠠᠯᠢᠭ ᠭᠦᠳᠡᠭᠡ ᠶᠢᠨ ᠮᠠᠯᠵᠢᠯ ᠠᠮᠢᠳᠤᠷᠠᠯ ᠡᠴᠡ ᠨᠢᠭᠡ᠊ᠨᠳᠡ ᠭᠦᠡᠳᠡᠢ᠌ᠷᠡᠨ ᠬᠤᠯᠠᠤᠠᠴᠤ ᠪᠣᠳᠠᠳᠠᠢ ᠠᠮᠢᠳᠤᠷᠠᠯ ᠤᠨ ᠣᠷᠴᠢᠨ ᠳᠤ ᠣᠯᠠᠨ ᠠᠷᠪᠢᠨ ᠦᠨᠳᠦᠰᠦᠳᠠᠨ ᠤ ᠰᠠᠢ᠌ᠨ ᠰᠠᠢ᠌ᠬᠠᠨ ᠵᠠᠩᠰᠢᠯ ᠣᠢ᠌ᠯᠠ ᠤᠳ ᠡᠴᠡ ᠰᠢᠭᠤᠳ ᠪᠣᠶᠤ ᠳᠠᠮ ᠶᠢᠡᠷ ᠭᠡᠭᠡᠭ᠍ᠳᠡᠨ ᠬᠤᠴᠤᠷᠴᠤ ᠪᠠᠢ᠌ᠭ᠎ᠠ ᠪᠠᠨ ᠦᠪᠡᠷ ᠤᠨ ᠡᠷᠭᠡ ᠦᠭᠡᠶ ᠮᠠᠳᠠᠷᠠᠨ ᠪᠣᠳᠤᠯ ᠭᠦᠡᠳᠦᠷᠡᠨ᠎ᠡ᠃

ᠶᠡᠭᠡ ᠦᠶᠡᠷ ᠶᠡᠭᠡ ᠦᠨᠢᠷ ᠠᠪᠴᠤ ᠢᠷᠡᠳᠡᠭ᠌ ᠣᠴᠢᠷ ᠡᠨᠡ ᠣᠳᠠᠭᠠᠨ ᠤ ᠥᠩᠭᠡᠷᠡᠭᠦᠤᠨ ᠶᠢᠡᠷ ᠭᠦᠶ‍ᠦᠭ᠍ᠰᠡᠨ ᠦᠶᠡᠷ ᠤᠨ ᠣᠰᠤ ᠨᠢ ᠮᠠᠯ ᠪᠠᠯᠴᠢᠭᠡᠷ ᠣᠷᠤᠰᠬᠠᠨ ᠳᠠᠭᠤᠭᠰᠠᠨ ᠴᠤ ᠳᠦᠷᠦᠭ᠍ᠰᠡᠨ ᠨᠤᠳᠤᠭ ᠤᠨ ᠮᠢᠨᠢ ᠳᠤᠰᠤᠯᠢᠭ ᠭᠦᠷᠦᠰᠤᠨ ᠳᠤ ᠳᠤᠭ᠎ᠠ ᠦᠭᠡᠶ ᠠᠷᠪᠢᠨ ᠰᠢᠮ᠎ᠠ ᠣᠮᠳᠠ ᠨᠡᠭᠦᠯᠭᠡᠵᠤ ᠢᠷᠡᠭᠦ ᠶᠢ ᠯᠠᠪ ᠢᠳᠡᠭᠡᠯ᠎ᠡ᠃ ᠰᠠᠨᠠᠭᠠᠨ ᠳᠤ ᠦᠭᠡᠶ ᠣᠴᠠᠷᠠᠭᠰᠠᠨ ᠭᠡᠨᠡᠳᠲᠡ ᠶᠢᠨ ᠡᠨᠡ ᠦᠶᠡᠷ ᠨᠠᠳᠠ ᠳᠤ ᠣᠬᠠᠭᠠᠨ ᠭᠡᠷᠰᠡᠤᠯᠡᠭᠦ ᠶᠡᠭᠡ ᠶᠤᠰᠤ᠂ ᠣᠷᠠᠯᠢᠭ ᠬᠠᠢ᠌ᠬᠤ ᠬᠠᠳᠠᠭᠤ ᠵᠤᠷᠢᠭ ᠬᠠᠢ᠌ᠷᠠᠯᠠᠪᠠ᠃

ᠥᠩᠭᠡᠷᠡᠭᠦᠤᠨ ᠢ ᠬᠠᠷᠠᠵᠤ ᠴᠡᠯᠮᠡᠭ᠍ᠰᠢᠭᠦ ᠮᠢᠨᠤ ᠰᠠᠤᠠᠭᠢᠯ ᠨᠤᠳᠤᠭ ᠲ᠋ᠠᠭᠠᠨ ᠬᠤᠷᠭᠤᠳᠠᠬᠤ ᠬᠠᠢ᠌ᠷ᠎ᠠ ᠪᠠᠷ ᠦᠶᠡᠷᠯᠠᠪᠠ᠂ ᠰᠢᠮᠠᠵᠢᠨ ᠰᠤᠶᠤᠭᠠᠯᠠᠬᠤ ᠶᠢᠨ ᠪᠠᠶᠠᠷ ᠶᠢᠡᠷ ᠦᠶᠡᠷᠯᠠᠪᠠ᠂ ᠥᠵᠦᠭᠦᠷ ᠦᠭᠡᠶ ᠥᠷᠡᠵᠢᠭᠦ ᠢᠳᠡᠭᠡᠯ ᠪᠠᠷ ᠦᠶᠡᠷᠯᠠᠪᠠ ᠂ ᠦᠨᠳᠦᠰᠦ ᠪᠠᠷ ᠶᠢᠡᠨ ᠨᠤᠭᠤᠭᠠᠷᠠᠬᠤ ᠪᠠᠯᠭᠡᠳᠦᠯ ᠶᠢᠡᠷ ᠦᠶᠡᠷᠯᠠᠪᠠ︕

ᠥᠩᠭᠡᠷᠡᠭᠦᠤᠨ ᠤᠨ ᠳᠠᠷᠠᠭᠠᠭᠢ ᠰᠢᠵᠢᠷᠳᠤᠨ ᠳᠤᠩᠭ᠋ᠠᠯᠠᠭᠰᠢᠬᠤ ᠡᠨᠡ ᠪᠦᠭᠦᠨ ᠦᠶ᠎ᠡ ᠶᠢᠨ ᠦᠶ᠎ᠡ ᠮᠠᠨᠠᠢ᠌ᠭᠢ ᠪᠣᠯᠳᠤᠭᠠᠢ︕ ᠮᠤᠩᠭ᠋ᠤᠯ ᠰᠤᠶᠤᠯ ᠤᠨ ᠭᠢ ᠥᠩᠭᠡᠷᠡᠭᠦᠤᠨ ᠪᠣᠯᠳᠤᠭᠠᠢ︕ ᠮᠠᠠᠳᠤᠨ ᠴᠡᠴᠡᠭᠯᠡᠭᠦ ᠦᠨᠳᠦᠰᠦᠳᠠᠨ ᠤ ᠮᠢᠨᠢ ᠢᠷᠡᠭᠡᠳᠦᠢ ᠪᠣᠯᠳᠤᠭᠠᠢ︕

ᠵᠤᠬᠢᠶᠠᠭᠴᠢ᠄ ᠰᠢ᠊·ᠨᠠᠷᠠᠨᠴᠡᠴᠡᠭ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ ᠨᠠᠷᠠᠨᠴᠡᠴᠡᠭ ᠬᠠᠩᠭᠠᠪᠠ
ᠬᠠᠷᠢᠶ᠎ᠠ᠄ ᠨᠠᠢᠷᠠᠭᠤᠯᠤᠯ
ᠳᠠᠷᠤᠮ᠄ 6133
ᠴᠠᠭ᠄ 2008 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ