ᠨᠡᠪᠲᠡᠷᠡᠨ ᠤᠷᠤᠬᠤ
ᠳᠡᠭ᠍ᠷᠢ ᠶᠢᠨ ᠰᠢᠪᠠᠭᠤ

ᠰᠢᠪᠠᠭᠤ ᠳᠡᠭ᠍ᠷᠢᠯᠢᠭ᠌ ᠵᠠᠶᠠᠭ᠎ᠠ ᠲᠡᠶ

ᠰᠢᠪᠠᠭᠤ ᠡᠷᠡᠯᠭᠡᠭ᠌ ᠰᠠᠨᠠᠭ᠎ᠠ ᠲᠡᠶ

ᠰᠢᠪᠠᠭᠤ ᠪᠣᠷᠬᠠᠨ ᠰᠦᠨᠠᠰᠤ

ᠰᠢᠪᠠᠭᠤ ᠪᠤᠳᠢᠰᠳ᠋ᠸ᠎ᠠ ᠶᠢᠨ ᠡᠯᠴᠢ

ᠰᠢᠪᠠᠭᠤ ᠳᠡᠭᠡᠭᠡᠤᠨ

ᠣᠷᠴᠢᠯᠠᠩ ᠤᠨ ᠭᠦᠰᠡᠯ ᠳᠠᠯᠯᠠᠵᠤ

ᠳᠡᠭ᠍ᠷᠢ ᠲᠤ ᠨᠢᠰᠳᠡᠭ᠌

ᠥᠭᠦᠭ᠍ᠰᠡᠳ ᠤᠨ ᠭᠡᠭᠦᠷ ᠭᠦᠡᠳᠡᠵᠤ

ᠳᠡᠯᠡᠭᠡᠢ ᠶᠢ ᠴᠡᠪᠠᠷᠯᠡᠳᠡᠭ᠌ ᠶᠤᠮ

ᠰᠢᠪᠠᠭᠤ ᠦᠯᠴᠢᠷ ᠶᠤᠮ

ᠰᠢᠪᠠᠭᠤ ᠥᠷᠯᠦᠭ᠌ ᠶᠤᠮ

ᠰᠢᠪᠠᠭᠤ ᠣᠳᠤᠳ ᠤᠨ ᠡᠭᠡᠯᠵᠢᠶᠡᠨ ᠶᠢᠡᠷ

ᠳᠡᠭ᠍ᠷᠢ ᠶᠢᠨ ᠮᠠᠨᠠᠭᠠᠨ ᠳᠤ ᠶᠠᠪᠣᠳᠠᠭ

ᠡᠳᠦᠷ ᠤᠨ ᠬᠠᠷᠠᠭᠤᠯᠴᠢᠨ ᠶᠤᠮ᠃

ᠰᠢᠪᠠᠭᠤ ᠳᠡᠭ᠍ᠷᠢ ᠶᠢᠨ ᠬᠠᠷᠠᠭ᠎ᠠ

ᠰᠢᠪᠠᠭᠤ ᠳᠡᠭ᠍ᠷᠢ ᠶᠢᠨ ᠰᠠᠨᠠᠭ᠎ᠠ

ᠡᠩᠭᠡᠷ ᠳᠤᠨᠢ ᠥᠡᠳᠡᠭᠡᠯᠡᠭ᠍ᠰᠡᠨ ᠥᠡᠳᠦᠷᠯᠢᠭ᠌ ᠶᠢᠡᠨ

ᠦᠳᠦ ᠪᠠᠷ ᠶᠢᠡᠨ ᠳᠤᠯᠠᠭᠠᠴᠠᠭᠤᠯᠳᠠᠭ ᠶᠤᠮ᠃

ᠡᠭᠡᠪᠦᠷ ᠲᠤᠨᠢ ᠡᠭᠦᠷᠯᠡᠭ᠍ᠰᠡᠨ ᠠᠭᠤᠯᠠᠰ ᠶᠢᠡᠨ

ᠥᠡᠳᠡᠭᠡ ᠪᠠᠷ ᠶᠢᠡᠨ ᠣᠶᠠᠰᠬᠠᠳᠠᠭ ᠶᠤᠮ᠃

ᠰᠢᠪᠠᠭᠤ ᠳᠡᠭ᠍ᠷᠢ ᠶᠢᠨ ᠥᠡᠳᠡᠭᠡ

ᠰᠢᠪᠠᠭᠤ ᠳᠡᠭ᠍ᠷᠢ ᠶᠢᠨ ᠣᠪᠢᠳᠠᠰ

ᠳᠠᠪᠴᠢᠶᠠᠷᠢ ᠶᠡᠭᠡᠳᠡᠢ ᠶ‍ᠢᠷᠳᠢᠠᠴᠤ ᠶᠢ

ᠳᠠᠪᠢᠯᠳᠠ ᠪᠠᠷ ᠶᠢᠡᠨ ᠳᠠᠢ᠌ᠤᠠᠬᠠᠷᠠᠭᠤᠯᠵᠤ

ᠨᠢᠭᠡ ᠰᠢᠷᠭᠡᠭ᠌ ᠦᠳᠦ ᠪᠠᠨ ᠴᠤ

ᠭᠠᠵᠠᠷ ᠣᠨᠠᠭᠠᠯ ᠦᠭᠡᠶ ᠰᠢᠪᠠᠭᠤ

ᠳᠡᠭ᠍ᠷᠢ ᠲᠤ ᠨᠢᠰᠴᠤ

ᠳᠡᠭ᠍ᠷᠢ ᠳᠡᠭᠡᠨ ᠥᠭᠦᠳᠡᠭ᠌ ᠶᠤᠮ᠃

ᠡᠭᠦᠷ ᠢ ᠨᠢ ᠭᠦᠡᠳᠡᠭ᠍ᠰᠡᠨ ᠭᠦᠮᠦᠰ ᠤᠨ

ᠨᠢᠭᠤᠷ ᠨᠢ ᠴᠤᠬᠤᠷᠳᠠᠳᠠᠭ ᠶᠤᠮ

ᠥᠡᠳᠡᠭᠡ ᠶᠢ ᠨᠢ ᠭᠤᠴᠢᠯᠠᠭᠰᠠᠨ ᠭᠦᠮᠤᠨ ᠤ

ᠭᠡᠭᠦᠷ ᠢ ᠨᠢ ᠨᠢᠰᠭᠡᠳᠡᠭ᠌ ᠦᠭᠡᠶ ᠶᠤᠮ᠃

ᠰᠢᠪᠠᠭᠤ ᠳᠡᠭ᠍ᠷᠢ ᠶᠢᠨ ᠥᠡᠳᠡᠭᠡ

ᠰᠢᠪᠠᠭᠤ ᠳᠡᠭ᠍ᠷᠢ ᠶᠢᠨ ᠣᠪᠢᠳᠠᠰ

ᠰᠢᠪᠠᠭᠤ ᠪᠣᠷᠬᠠᠨ ᠰᠦᠨᠠᠰᠤ

ᠰᠢᠪᠠᠭᠤ ᠪᠤᠳᠢᠰᠳ᠋ᠸ᠎ᠠ ᠶᠢᠨ ᠡᠯᠴᠢ᠃

ᠰᠢᠪᠠᠭᠤ ᠦᠭᠡᠶ ᠪᠠᠷ ᠳᠡᠭ᠍ᠷᠢ ᠡᠵᠡᠭᠦᠢᠷᠡᠨ᠎ᠡ

ᠰᠢᠪᠠᠭᠤ ᠴᠥᠭᠡᠷᠡᠭᠦ ᠪᠠᠷ ᠳᠡᠯᠡᠭᠡᠢ ᠣᠢ᠌ᠤᠠᠬᠠᠷᠯᠠᠨ᠎ᠠ

ᠭᠦᠮᠤᠨ ᠴᠢ ᠰᠠᠪᠠᠷ ᠶᠢᠡᠨ ᠳᠠᠳᠠ

ᠭᠦᠮᠤᠨ ᠴᠢ ᠰᠠᠨᠠᠭ᠎ᠠ ᠪᠠᠨ ᠬᠤᠷᠢᠶᠠ︕

ᠳᠡᠭᠡᠭᠦᠷ ᠨᠢᠰᠦᠭ᠍ᠰᠡᠨ ᠵᠢᠭᠦᠷᠳᠡᠨ ᠢ ᠨᠢ

ᠳᠡᠭ᠍ᠷᠢ ᠳ᠋ᠤᠨᠢ ᠴᠢᠯᠦᠭᠡ ᠲᠡᠶ ᠨᠢᠰᠭᠡ︕

ᠳᠡᠷᠭᠡᠳᠡ ᠳᠦᠷᠦᠭᠦᠯᠦᠭ᠍ᠰᠡᠨ ᠭᠦᠷᠦᠭᠡᠰᠤ ᠶᠢ ᠨᠢ ᠭᠦᠷᠳᠡᠯ᠎ᠡ

ᠳᠡᠯᠡᠭᠡᠢ ᠳᠤ ᠳᠠᠢ᠌ᠪᠣᠩ ᠪᠠᠯᠴᠢᠭᠡ︕

ᠳᠠᠰ ᠊᠊᠊᠊᠊᠊᠊᠊᠊᠊᠊᠊᠊᠊᠊ ᠳᠡᠭ᠍ᠷᠢ ᠶᠢᠨ ᠥᠡᠳᠡᠭᠡ

ᠳᠠᠰ ᠊᠊᠊᠊᠊᠊᠊᠊᠊᠊᠊᠊᠊᠊᠊ ᠳᠡᠭ᠍ᠷᠢ ᠶᠢᠨ ᠣᠪᠢᠳᠠᠰ

ᠳᠠᠰ ᠊᠊᠊᠊᠊᠊᠊᠊᠊᠊᠊᠊᠊᠊᠊ ᠪᠣᠷᠬᠠᠨ ᠤ ᠰᠦᠨᠠᠰᠤ

ᠳᠠᠰ ᠊᠊᠊᠊᠊᠊᠊᠊᠊᠊᠊᠊᠊᠊᠊ ᠪᠤᠳᠢᠰᠳ᠋ᠸ᠎ᠠ ᠶᠢᠨ ᠡᠯᠴᠢ᠃

ᠵᠤᠬᠢᠶᠠᠭᠴᠢ᠄ ᠳᠤᠪᠯᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3316
ᠴᠠᠭ᠄ 2006 ᠤᠨ ᠤ 10 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ