ᠨᠡᠪᠲᠡᠷᠡᠨ ᠤᠷᠤᠬᠤ
ᠨᠠᠮᠤᠷ ᠤᠨ ᠪᠣᠷᠤᠭ᠎ᠠ

ᠨᠠᠮᠤᠷ ᠤᠨ ᠪᠣᠷᠤᠭ᠎ᠠ

ᠨᠠᠮᠢᠷᠠᠵᠤ ᠪᠠᠭᠤᠬᠤ ᠳ᠋ᠤ

ᠨᠠᠢ᠌ᠷᠰᠠᠭ ᠣᠯᠠᠷᠢᠯ

ᠨᠠᠮᠤᠭᠤᠬᠠᠨ ᠪᠠᠢ᠌ᠪᠠ

ᠣᠩᠭ᠋ᠤᠨ ᠪᠠᠢ᠌ᠭᠠᠯᠢ ᠵᠢ

ᠣᠰᠤᠳᠠᠭᠤᠯᠤᠨ ᠴᠢᠭᠢᠭ᠍ᠳᠡᠭᠦᠯᠵᠤ

ᠤᠶᠠᠩ‍ᠭ᠎ᠠ ᠶᠢᠨ ᠡᠷᠢᠯᠴᠢᠨ ᠢ

ᠣᠶᠠᠷᠠᠭᠤᠯᠵᠤ ᠪᠠᠢ᠌ᠪᠠ


ᠡᠭᠦᠯᠡᠨ ᠡᠴᠡ ᠳᠠᠰᠤᠷᠠᠵᠤ

ᠡᠪᠠᠰᠤᠨ ᠳᠤ ᠰᠡᠮᠡᠷᠡᠭᠦ

ᠪᠣᠷᠤᠭᠠᠨ ᠤ ᠳᠤᠰᠤᠯ

ᠪᠣᠭᠢᠨᠢᠳᠤᠯ ᠢ ᠠᠷᠭᠠᠳᠠᠨ᠎ᠠ

ᠣᠯᠠᠨ ᠡᠳᠦᠷ ᠤᠨ

ᠣᠢ᠌ᠮᠤᠷᠠᠯ ᠢ ᠳᠡᠪᠳᠦᠭᠡᠵᠤ

ᠣᠰᠤᠨ ᠤ ᠮᠥᠭᠦᠯᠢᠭ᠌

ᠣᠢ᠌ᠤᠠᠬᠠᠷ ᠢ ᠰᠡᠷᠭᠦᠭᠡᠨ᠎ᠡ


ᠵᠤᠨ ᠤ ᠥᠩᠭᠡ ᠵᠢ

ᠵᠢᠷᠤᠭ ᠰᠢᠭ ᠪᠣᠳᠤᠭᠯᠠᠵᠤ

ᠵᠥᠭᠡᠯᠡᠨ ᠬᠤᠷ᠎ᠠ

ᠵᠦᠰᠠᠷᠠᠵᠤ ᠪᠠᠭᠤᠨ᠎ᠠ

ᠨᠠᠢ᠌ᠷᠠᠭ ᠤᠨ ᠣᠩᠭ᠋ᠤᠳ ᠢ

ᠨᠠᠳᠠ ᠳᠤ ᠣᠷᠢᠵᠤ

ᠨᠠᠮᠤᠷ ᠤᠨ ᠪᠣᠷᠤᠭ᠎ᠠ

ᠨᠠᠢ᠌ᠷᠠᠵᠤ ᠣᠷᠤᠨ᠎ᠠ᠁


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ