☆ ᠰ·ᠠᠶᠠᠠᠴᠢᠨ
ᠭᠠᠵᠠᠷ ᠰᠢᠷᠤᠢ
(ᠲ᠋ᠠᠭᠤᠨ ᠤ ᠰᠢᠯᠦᠭ᠌)
ᠨᠠᠷᠠᠨ ᠰᠠᠷᠠᠨ ᠤ ᠭᠡᠷᠡᠯ ᠵᠢᠠᠷ
ᠨᠠᠪᠴᠢᠨ ᠤ ᠦᠨᠳᠦᠰᠦ ᠬᠠᠳᠬᠤᠯᠤᠭᠰᠠᠨ
ᠨᠠᠰᠤ ᠵᠢᠯ ᠤᠨ ᠳᠤᠭ᠎ᠠ ᠪᠠᠷ
ᠨᠠᠢ᠌ᠷ ᠤᠨ ᠣᠬᠠᠭᠠᠨ ᠰᠠᠭᠤᠯᠭᠠᠭᠰᠠᠨ
ᠭᠠᠵᠠᠷ ᠰᠢᠷᠤᠢ᠂ ᠭᠠᠵᠠᠷ ᠰᠢᠷᠤᠢ
ᠭᠠᠯᠪᠠ ᠶᠢᠨ ᠠᠮᠢ ᠶᠢᠨ ᠰᠢᠮ᠎ᠠ᠃
ᠭᠦᠭᠡ ᠮᠥᠩᠭᠡ ᠶᠢᠨ ᠳᠡᠭ᠍ᠷᠢ ᠳᠤ ᠪᠠᠨ
ᠣᠳᠤᠳ ᠤᠨ ᠭᠡᠭᠡ ᠳᠤᠷᠮᠤᠯᠵᠠᠭᠰᠠᠨ
ᠭᠦᠪᠴᠢᠨ ᠣᠢ ᠶᠢᠨ ᠴᠢᠯᠦᠭᠡᠨ ᠳᠤ ᠪᠠᠨ
ᠠᠷᠢᠶᠠᠳᠠᠨ ᠵᠢᠭᠦᠷᠳᠡᠨ ᠣᠷᠤᠮᠳᠠᠭᠰᠠᠨ
ᠭᠠᠵᠠᠷ ᠰᠢᠷᠤᠢ᠂ ᠭᠠᠵᠠᠷ ᠰᠢᠷᠤᠢ
ᠭᠠᠯᠪᠠ ᠶᠢᠨ ᠮᠥᠩᠭᠡ ᠶᠢᠨ ᠰᠢᠮ᠎ᠠ᠃
ᠭᠠᠯᠠᠭᠤᠳ ᠤᠨ ᠵᠢᠭᠦᠷ ᠰᠡᠪᠢᠭᠦ ᠪᠠᠷ
ᠰᠡᠳᠭᠢᠯ ᠤᠨ ᠵᠡᠭᠦᠳᠤ ᠦᠷᠪᠠᠯᠵᠡᠯᠡ
ᠭᠠᠭᠴᠡ ᠡᠵᠢ ᠶᠢᠨ ᠪᠣᠭᠤᠷᠤᠯᠰᠢᠬᠤ ᠪᠠᠷ
ᠰᠦᠨ ᠳᠠᠭᠤᠨ ᠳ᠋ᠤᠨᠢ ᠳᠠᠠᠳᠤᠷᠭᠢᠯᠠᠯᠠ
ᠭᠠᠵᠠᠷ ᠰᠢᠷᠤᠢ᠂ ᠭᠠᠵᠠᠷ ᠰᠢᠷᠤᠢ
ᠭᠠᠯᠪᠠ ᠶᠢᠨ ᠮᠥᠩᠭᠡ ᠶᠢᠨ ᠰᠢᠮ᠎ᠠ᠃
ᠠᠯᠠᠭ ᠬᠤᠶᠠᠷ ᠨᠢᠳᠤᠨ ᠤ
ᠬᠤᠷ᠎ᠠ ᠶᠢᠨ ᠨᠠᠮᠢᠷᠠᠭ᠎ᠠ ᠨᠥᠮᠵᠦᠭ᠌ ᠵᠦᠰᠠᠷᠠᠨᠡ
ᠠᠶᠠᠯᠭᠤ ᠳᠠᠭᠤᠨ ᠤ ᠳᠦᠷᠢᠯᠭᠡᠨ ᠤ
ᠬᠠᠢ᠌ᠷ᠎ᠠ ᠶᠢᠨ ᠴᠡᠴᠡᠭ᠌ ᠳᠠᠩᠰᠤᠭ ᠣᠶᠠᠩᠭ᠋ᠠᠷᠠᠨ᠎ᠠ
ᠭᠠᠵᠠᠷ ᠰᠢᠷᠤᠢ᠂ ᠭᠠᠵᠠᠷ ᠰᠢᠷᠤᠢ
ᠭᠠᠯᠪᠠ ᠶᠢᠨ ᠮᠥᠩᠭᠡ ᠶᠢᠨ ᠰᠢᠮ᠎ᠠ᠃
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠰ·ᠠᠶᠠᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2012 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ