ᠨᠡᠪᠲᠡᠷᠡᠨ ᠤᠷᠤᠬᠤ
ᠬᠠᠳᠤᠨ ᠬᠠᠭᠠᠨ ᠳᠤ ᠰᠥᠭᠦᠷᠡᠨ ᠭᠡᠯᠡᠭᠦ ᠥᠭᠡ

ᠬᠠᠢ᠌ᠷ᠎ᠠ ᠶᠢᠨ ᠪᠣᠮᠠᠨ ᠰᠠᠴᠤᠷᠠᠭ ᠵᠢᠠᠷ

ᠬᠠᠮᠤᠭ ᠰᠡᠳᠭᠢᠯ ᠢ ᠮᠢᠨᠢ ᠰᠢᠵᠢᠮᠯᠠᠨ ᠳᠤᠷᠭᠤᠭᠰᠠᠨ

ᠬᠠᠳᠤᠨ ᠬᠠᠭᠠᠨ ᠮᠢᠨᠢ᠂ ᠬᠠᠨᠢ ᠮᠢᠨᠢ

ᠲᠦᠪᠰᠢᠨ ᠵᠢᠷᠭᠠᠳᠤᠭᠠᠢ ᠳᠠ

ᠲᠦᠮᠡ ᠨᠠᠰᠤᠯᠠᠳᠤᠭᠠᠢ ᠳᠠ

ᠬᠠᠶᠠ ᠭᠡᠯᠡᠭᠦ ᠥᠭᠡ ᠪᠠᠨ ᠭᠡᠯᠡ ᠳᠤᠤᠷ᠎ᠠ ᠪᠠᠨ ᠳᠠᠷᠤᠳᠠᠭ ᠴᠤ

ᠬᠠᠷᠢᠨ ᠦᠨᠦᠳᠤᠷ ᠭᠡᠯᠡᠳᠡᠭ᠌ ᠶᠢᠡᠨ ᠭᠡᠯᠡᠶ᠎ᠡ᠃


ᠬᠠᠳᠤᠨ ᠬᠠᠭᠠᠨ ᠮᠢᠨᠢ

ᠬᠠᠢ᠌ᠷ᠎ᠠ ᠶᠢᠨ ᠪᠣᠭᠤᠯ ᠨᠠᠮ᠎ᠠ ᠪᠠᠨ ᠳᠤᠭᠢᠷᠠ

ᠬᠠᠴᠠᠷ ᠭᠤᠸ᠎ᠠ ᠳᠠᠨ ᠤ ᠵᠠᠷᠯᠢᠭ ᠢ ᠳᠠᠭᠠᠬᠤ ᠳᠤ ᠪᠠᠯᠡᠭᠡᠨ

ᠬᠠᠢ᠌ᠯᠤᠭᠰᠠᠨ ᠳᠤᠭᠤᠯᠭ᠎ᠠ ᠰᠢᠭ

ᠬᠠᠮᠢᠭᠠᠰᠢ ᠪᠠᠨ ᠪᠣᠯ ᠳᠠᠰᠢ ᠪᠠᠨ ᠰᠢᠤ ᠪᠢ᠃

ᠬᠠᠢ᠌ᠷ᠎ᠠ ᠪᠠᠷ ᠶᠢᠡᠨ ᠳᠠ ᠨᠠᠮ᠎ᠠ ᠵᠢ

ᠨᠠᠰᠤᠨ ᠳᠤᠷᠰᠢ ᠡᠵᠡᠷᠭᠡ

ᠬᠠᠨᠢ ᠪᠣᠯᠤᠭᠰᠠᠨ ᠨᠠᠳᠠ ᠳ᠋ᠠᠭᠠᠨ

ᠨᠤᠶᠠᠨ ᠶᠤᠮᠰᠢᠭ ᠶᠡᠭᠡᠷᠭᠡ


ᠳᠡᠩᠳᠡᠭᠦᠤ ᠳᠦᠷᠢᠮᠡᠭᠡᠢ ᠬᠠᠢ᠌ᠷ᠎ᠠ ᠳᠤ ᠴᠢᠨᠢ

ᠳᠡᠭ᠍ᠳᠡᠭᠡᠭᠡᠢ ᠰᠢᠭ᠌ ᠨᠢᠯᠬᠠᠷᠠᠶ᠎ᠠ

ᠳᠡᠷᠭᠡᠳᠡ ᠡᠴᠠ ᠴᠢᠨᠢ ᠬᠤᠯᠠᠳᠠᠯ ᠥᠭᠡᠢ

ᠳ᠋ᠸᠩ ᠤᠨ ᠡᠷᠪᠠᠭᠡᠢ ᠰᠢᠭ᠌ ᠡᠷᠭᠢᠯᠳᠦᠶ᠎ᠡ


ᠳᠤᠷ᠎ᠠ ᠴᠢᠨᠢ ᠭᠦᠷᠦᠭᠡᠳ ᠳᠠᠯᠠᠯᠪᠠᠯ

ᠳᠠᠯᠠᠢ ᠪᠣᠶᠠᠨ ᠰᠢᠭ᠌ ᠴᠠᠯᠭᠢᠯᠠᠵᠤ ᠥᠵᠡᠭ᠍ᠳᠡᠶ᠎ᠡ

ᠰᠢᠷ᠎ᠠ ᠴᠢᠨᠢ ᠭᠦᠳᠡᠯᠦᠭᠡᠳ ᠳᠠᠯᠠᠢ᠌ᠪᠠᠯ

ᠳᠡᠭ᠍ᠳᠡᠭᠦ ᠠᠭᠤᠷ ᠰᠢᠭ᠌ ᠵᠡᠷᠭᠡᠯᠭᠡᠡᠳᠦᠵᠤ ᠨᠢᠭᠤᠭᠳᠠᠶ᠎ᠠ


ᠬᠠᠢ᠌ᠷ᠎ᠠ ᠶᠢᠨ ᠪᠣᠭᠤᠯ ᠨᠠᠳᠠ ᠪᠠᠷ ᠶᠠᠷᠤᠨᠢ

ᠬᠠᠷ᠎ᠠ ᠣᠰᠤ ᠪᠠᠨ ᠵᠥᠭᠡᠭᠡᠯᠭᠡ

ᠬᠠᠯᠠᠭᠤᠨ ᠴᠠᠢ ᠪᠠᠨ ᠴᠤ ᠴᠢᠨᠠᠭᠤᠯ

ᠬᠠᠳᠤᠨ ᠬᠠᠭᠠᠨ ᠳᠠ ᠨᠠᠳᠠ ᠶᠢ ᠶᠠᠷᠤᠨᠢ

ᠭᠦᠯᠦᠭᠡ ᠰᠢᠭ᠌ ᠭᠢᠡᠵᠢᠯᠡᠭᠡᠳ

ᠭᠡᠷ ᠡᠴᠠ ᠪᠣᠤ ᠭᠠᠷᠭ᠎ᠠ

ᠠᠯᠳᠠ ᠰᠢᠭ᠌ ᠨᠢᠭᠤᠭᠠᠤᠨ

ᠠᠪᠳᠠᠷ᠎ᠠ ᠳᠠᠭᠠᠨ ᠴᠤᠤᠵᠢᠯᠠ᠃


ᠭᠡᠭᠦ ᠳᠡᠭᠡᠨ ᠬᠠᠳᠤᠨ ᠬᠠᠭᠠᠨ ᠮᠢᠨᠢ ᠡ

ᠭᠡᠷ ᠲᠡᠭᠡᠨ ᠡᠷᠭᠡ ᠥᠭᠡᠢ

ᠭᠠᠳᠠᠨ᠎ᠠ ᠮᠠᠳᠠᠯ ᠦᠭᠡᠶ ᠡᠷ᠎ᠡ

ᠭᠢᠠᠵᠢ ᠡᠴᠠ ᠨᠢᠭᠡᠨ ᠡᠳᠦᠷ ᠮᠤᠯᠳᠤᠷᠪᠠᠯ

ᠭᠡᠰᠡᠷ ᠬᠠᠭᠠᠨ ᠰᠢᠭ᠌ ᠳᠠᠶᠠᠩ ᠢ ᠳᠠᠨᠤᠵᠤ ᠮᠠᠳᠠᠨ᠎ᠡ ᠰᠢᠤ


ᠠᠢ ᠬᠠᠨᠢ ᠮᠢᠨᠢ ᠳ᠋ᠡ

ᠬᠠᠳᠤᠨ ᠬᠠᠭᠠᠨ ᠬᠠᠮᠢᠭ᠎ᠠ ᠭᠦᠷᠤᠨ᠎ᠡ︖

ᠬᠠᠷᠠᠴᠤ ᠪᠣᠭᠤᠯ ᠴᠤ ᠶᠠᠭᠤ ᠪᠢᠯᠠ︖

ᠬᠠᠷᠢᠨ ᠪᠢᠳᠠ ᠪᠠᠶ᠎ᠠ ᠪᠠᠶ᠎ᠠ ᠳ᠋ᠡᠭᠡᠨ

ᠬᠠᠨᠢ ᠰᠢᠭ᠌ ᠬᠠᠨᠢ ᠪᠣᠯᠵᠤ ᠵᠢᠷᠭᠠᠶ᠎ᠠ ᠳ᠋ᠠ

ᠪᠣᠯᠬᠤ ᠦᠦ︖

ᠪᠣᠷᠤ ᠨᠢᠳᠤᠨ ᠮᠢᠨᠢ


ᠵᠤᠬᠢᠶᠠᠭᠴᠢ ᠶᠢᠨ ᠬᠠ‍‌ᠶᠢᠭ ᠄ ᠣᠷᠠᠤᠨ ᠤᠨ ᠳᠤᠮᠳᠠᠳᠤ ᠬᠤᠰᠢᠭᠤ

ᠵᠤᠬᠢᠶᠠᠭᠴᠢ᠄ ᠬᠠᠯᠳᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2010 ᠤᠨ ᠤ 11 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ