ᠨᠡᠪᠲᠡᠷᠡᠨ ᠤᠷᠤᠬᠤ
ᠠᠪᠣ ᠶᠢᠨ ᠳᠠᠯ᠎ᠠ

ᠬᠠᠷᠠᠭ᠎ᠠ ᠮᠤᠬᠤᠭᠤᠭᠰᠠᠨ ᠨᠤᠭᠤᠭᠠᠨ ᠳᠠᠯ᠎ᠠ ᠳᠠᠭᠠᠨ

ᠬᠠᠨ᠎ᠠ ᠶᠢᠨ ᠨᠢᠳᠤ ᠰᠢᠭ᠌ ᠴᠤᠬᠤᠷᠯᠠᠨ ᠰᠢᠭᠢᠦᠡᠭᠡᠷᠢᠯᠡᠭ᠍ᠰᠡᠨ᠂

ᠦᠨᠢᠷ ᠰᠥᠷᠦᠭ᠌ ᠶᠢᠡᠨ ᠥᠭᠡᠳᠡ ᠲᠡᠶ ᠮᠠᠯᠵᠢᠮᠠᠷ

ᠡᠪᠠᠰᠤ ᠲᠡᠶ ᠳᠠᠯ᠎ᠠ ᠬᠠᠮᠢᠭᠠᠭᠤᠷ ᠪᠠᠢ᠌ᠨ᠎ᠠ ︖

ᠬᠠᠭᠠᠯᠭ᠎ᠠ ᠰᠡᠭᠦᠵᠤ᠂ ᠬᠠᠳᠠᠪᠴᠢ ᠠᠯᠬᠤᠮᠠᠭᠴᠠ

ᠬᠠᠭᠠᠯᠪᠣᠷᠢᠯᠠᠭᠳᠠᠭᠰᠠᠨ ᠠᠳᠠᠷ ᠨᠠᠳᠣᠢ᠌ᠵᠤ ᠬᠠᠷᠠᠯᠠᠭᠠᠤᠨ᠂

ᠪᠣᠢᠵᠢᠭᠢᠨᠠᠬᠤ ᠪᠣᠰᠬᠤ ᠣᠯᠠᠭᠠᠨ ᠳᠤᠭᠤᠰᠤ ᠯᠠ

ᠪᠣᠳᠤᠯ ᠪᠠ ᠨᠢᠳᠤ ᠶᠢ ᠬᠤᠭ ᠶᠢᠡᠷ ᠳᠦᠭᠦᠷᠭᠡᠨ᠎ᠡ᠂

ᠠᠷᠠᠰᠤᠨ ᠳᠠᠪᠠᠯ ᠤᠨ ᠭᠢᠨᠢ ᠪᠢᠳᠡᠭᠦᠤ ᠬᠤᠷᠮᠤᠢ ᠰᠢᠭ

ᠠᠪᠣ ᠶᠢᠨ ᠳᠠᠯ᠎ᠠ ᠳᠤᠷᠠᠳᠬᠠᠯ ᠥᠯᠡᠳᠡᠭᠡᠵᠤ

ᠳᠠᠪᠢᠨ ᠵᠢᠯ ᠮᠠᠭᠳᠠᠭᠰᠠᠨ ᠳᠠᠯ᠎ᠠ ᠨᠤᠳᠤᠭ

ᠳᠠᠨᠢᠬᠤ ᠦᠭᠡᠶ ᠭᠠᠵᠠᠷ ᠰᠢᠭ ᠨᠠᠳᠠᠳᠤ ᠰᠠᠨᠠᠭᠳᠠᠯ᠎ᠠ᠂

ᠠᠳᠠᠷ ᠬᠠᠭᠠᠯᠪᠣᠷᠢᠯᠠᠭᠰᠠᠨ ᠤ ᠨᠢᠭᠦᠯᠳᠤ ᠣᠷᠰᠢᠭ ᠶᠢᠡᠷ

ᠠᠭᠯᠠᠭ ᠭᠡᠭᠡᠷ᠎ᠡ ᠮᠢᠨᠢ ᠡᠯᠡᠰᠤ ᠪᠣᠯᠤᠯ᠎ᠠ᠂

ᠠᠭᠢᠭᠠᠤᠨ ᠳᠠᠪᠢᠨ ᠵᠢᠯ ᠥᠩᠭᠡᠷᠡᠭ᠍ᠰᠡᠨ ᠬᠣᠢ᠌ᠨ᠎ᠠ

ᠠᠪᠣ ᠶᠢᠨ ᠳᠠᠯ᠎ᠠ ᠶᠢ ᠬᠠᠮᠢᠭ᠎ᠠ ᠡᠴᠡ ᠡᠷᠢᠨ᠎ᠡ ︖


2002᠂ 2ᠰᠠᠷ᠎ᠠ ᠳᠤ᠂ ᠰᠢᠷ᠎ᠠ ᠮᠦᠷᠠᠨ ᠰᠡᠳᠭᠦᠯ ᠳᠡᠭᠡᠷ᠎ᠡ ᠨᠠᠢ᠌ᠳᠠᠯᠠᠪᠠ᠂

ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤᠨ ᠤ ᠴᠠᠭᠠᠨ ᠮᠦᠷᠠᠨ ᠪᠠᠯᠭᠠᠰᠤ ᠶᠢᠨ ᠶᠤᠯᠤᠳᠤ ᠭᠠᠴᠠᠭ᠎ᠠ

ᠵᠤᠬᠢᠶᠠᠭᠴᠢ᠄ ᠨᠣ᠊·ᠮᠥᠩᠭᠡ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2009 ᠤᠨ ᠤ 12 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ