☆ ᠠ᠊·ᠭᠠᠩᠳᠠᠮᠤᠷ
ᠠᠮᠠᠷᠠᠭ ᠲᠡᠶ ᠣᠷᠴᠢᠯᠠᠩ
ᠳᠠᠭᠤᠨ ᠤ ᠮᠢᠨᠢ ᠠᠶᠠᠰ ᠣᠶᠠᠷᠠᠭᠠᠤᠨ ᠢᠷᠡᠭᠦᠯᠡᠷ
ᠳᠤᠷᠮᠣᠢ᠌ᠩᠬᠠᠨ ᠢᠷᠡᠭᠦ ᠮᠢᠨᠤ ᠯᠠ ᠠᠮᠠᠷᠠᠭ
ᠳᠤᠷᠮᠤᠨ ᠳᠡᠮᠡᠭᠡ ᠨᠢ ᠪᠣᠢ᠌ᠯᠠᠭᠠᠤᠨ ᠢᠷᠡᠭᠦᠯᠡᠷ
ᠳᠤᠰᠤᠩᠬᠠᠨ ᠭᠦᠯᠢᠶᠡᠭᠦ ᠨᠢ ᠮᠢᠨᠤ ᠯᠠ ᠠᠮᠠᠷᠠᠭ
ᠬᠠᠢ᠌ᠳᠠᠭ ᠭᠦᠷᠡᠭ᠍ᠴᠢ ᠨᠢ ᠢᠪᠢᠯᠦᠭᠡᠳ ᠢᠷᠡᠭᠦ ᠳ᠋ᠤ
ᠬᠠᠵᠠᠭᠤᠳᠠ ᠮᠢᠨᠢ ᠨᠠᠯᠠᠨᠠ᠂ ᠮᠢᠨᠤ ᠯᠠ ᠠᠮᠠᠷᠠᠭ
ᠬᠠᠢ᠌ᠷ᠎ᠠ ᠶᠢᠨ ᠨᠢᠯᠪᠣᠰᠤ ᠪᠦᠷᠭᠦᠭᠡᠳ ᠢᠷᠡᠭᠦ ᠳ᠋ᠤ
ᠬᠠᠷᠠᠭᠠᠯᠠᠨ ᠰᠠᠷᠠᠪᠴᠢᠯᠠᠨ᠎ᠠ᠂ ᠮᠢᠨᠤ ᠯᠠ ᠠᠮᠠᠷᠠᠭ
ᠵᠦᠷ᠎ᠠ ᠭᠦᠷᠦᠭᠡᠰᠤ ᠨᠢ ᠣᠷᠤᠮᠳᠠᠭᠠᠤᠨ ᠢᠷᠡᠭᠦ ᠳ᠋ᠤ
ᠵᠢᠷᠦᠭᠡᠨ ᠤ ᠮᠢᠨᠢ ᠳᠤᠮᠳᠠ ᠮᠢᠨᠤ ᠯᠠ ᠠᠮᠠᠷᠠᠭ
ᠵᠢᠷᠤᠭ ᠰᠢᠭ ᠦᠬᠢᠳ ᠬᠤᠯᠠᠳᠠᠭᠠᠤᠨ ᠣᠳᠤᠬᠤᠯᠠᠷ
ᠵᠥᠪᠭᠡᠨ ᠥᠯᠡᠳᠡᠭᠦ ᠨᠢ ᠮᠢᠨᠤ ᠯᠠ ᠠᠮᠠᠷᠠᠭ
ᠠᠭᠤᠯᠠ ᠣᠰᠤ ᠨᠢ ᠬᠠᠩᠭ᠋ᠠᠢ᠌ᠷᠠᠬᠤᠨ ᠢᠷᠡᠭᠦ ᠳ᠋ᠤ
ᠣᠬᠠᠭᠠᠨ ᠢ ᠮᠢᠨᠢ ᠰᠡᠯᠪᠢᠭᠦ ᠮᠢᠨᠤ ᠯᠠ ᠠᠮᠠᠷᠠᠭ
ᠣᠷᠭᠤᠮᠠᠯ ᠴᠡᠴᠡᠭ᠌ ᠨᠢ ᠭᠠᠩᠳᠠᠭᠠᠤᠨ ᠢᠷᠡᠭᠦ ᠳ᠋ᠤ
ᠤᠶᠠᠩᠭ᠎ᠠ ᠶᠢ ᠮᠢᠨᠢ ᠭᠦᠭᠯᠡᠭᠦ ᠮᠢᠨᠤ ᠯᠠ ᠠᠮᠠᠷᠠᠭ
ᠠᠯᠳᠠᠨ ᠰᠢᠯᠦᠭ᠌ ᠶᠢᠡᠷ ᠠᠮᠢᠳᠤᠷᠠᠯ ᠣᠷᠠᠯᠠᠵᠤ
ᠠᠮᠠᠷᠠᠭ ᠬᠠᠭᠤᠳᠠᠰᠤᠨ ᠳᠠᠭᠠᠨ ᠴᠢᠮᠢ᠋ᠢ ᠰᠢᠩᠭᠡᠭᠡᠯᠡ
ᠠᠯᠤᠰ ᠤᠨ ᠠᠯᠤᠰ ᠲᠤ ᠬᠠᠷᠠᠭ᠎ᠠ ᠳᠠᠯᠪᠢᠨ
ᠠᠷᠢᠭᠤᠨ ᠵᠢᠷᠦᠭᠡᠨ ᠳᠡᠭᠡᠨ ᠴᠢᠮᠢ᠋ᠢ ᠪᠠᠨ ᠳᠠᠭᠤᠳᠠᠯ᠎ᠠ
ᠬᠠᠯᠠᠭᠤᠨ ᠥᠭᠡᠰ ᠶᠢᠡᠷ ᠬᠠᠢ᠌ᠷ᠎ᠠ ᠪᠠᠨ ᠭᠡᠯᠭᠢᠵᠤ
ᠬᠠᠮᠤᠭ ᠰᠠᠢ᠌ᠬᠠᠨ ᠶᠢᠡᠨ ᠴᠢᠮᠠᠳᠠᠭᠠᠨ ᠦᠭᠭᠦᠯ᠎ᠡ
ᠬᠠᠷᠠᠬᠠᠨ ᠨᠢᠳᠤ ᠶᠢ ᠴᠢᠨᠢ ᠠᠮᠢᠳᠠᠨ ᠡᠴᠠ ᠬᠠᠷᠠᠮᠯᠠᠵᠤ
ᠬᠠᠯᠭᠢᠯᠠᠬᠤ ᠴᠢᠰᠤᠨ ᠳᠠᠭᠠᠨ ᠨᠢᠭᠤᠨ ᠣᠩᠭ᠋ᠤᠯᠠᠯᠠ
ᠪᠣᠷᠤᠭᠤ ᠶᠢ ᠮᠢᠨᠢ ᠰᠡᠯᠪᠢᠳᠡᠭ᠌ ᠭᠦᠮᠤᠨ ᠲᠡᠶ ᠭᠦᠮᠤᠨ ᠰᠢᠤ ᠪᠢ
ᠪᠣᠳᠤᠯ ᠳᠠᠭᠠᠨ ᠭᠠᠭᠴᠠᠬᠠᠨ ᠠᠮᠠᠷᠠᠭ ᠲᠡᠶ ᠭᠦᠮᠤᠨ ᠰᠢᠤ ᠪᠢ
ᠬᠠᠢ᠌ᠷᠠᠯᠠᠵᠤ ᠣᠭᠢᠯᠠᠳᠠᠭ ᠠᠮᠠᠷᠠᠭ ᠲᠡᠶ ᠭᠦᠮᠤᠨ ᠰᠢᠤ ᠪᠢ
ᠬᠠᠳᠠᠨ ᠴᠢᠭᠡᠴᠢ ᠬᠠᠢ᠌ᠷ᠎ᠠ ᠲᠡᠶ ᠭᠦᠮᠤᠨ ᠰᠢᠤ ᠪᠢ
2009.9.30
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ
ᠵᠤᠬᠢᠶᠠᠭᠴᠢ᠄ ᠠ᠊·ᠭᠠᠩᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ