☆ ᠷ·ᠨᠡᠷᠡᠨᠳᠡᠭᠦᠰ
ᠮᠤᠷᠢᠨ ᠳᠤᠭᠤᠷᠠᠢ ᠳᠠᠮᠠᠭ᠎ᠠ ᠶᠤᠮ
ᠳᠢᠪ ᠴᠦᠮᠦᠴᠢᠨ ᠳᠠᠴᠢᠭᠢᠨᠠᠵᠤ
ᠠᠷᠳᠠᠭ ᠳᠠᠪᠭᠢᠭᠰᠠᠨ ᠳᠦᠪᠤᠷᠬᠡᠨ
ᠳᠡᠦᠭᠡ ᠶᠢᠨ ᠵᠡᠭᠦᠳᠤᠨ ᠳᠤ ᠴᠢᠯᠠᠭᠤᠵᠢᠵᠤ
ᠳᠤᠭᠤᠰᠤ ᠵᠠᠵᠢᠯᠤᠭᠰᠠᠨ ᠣᠮᠤᠭᠰᠢᠯ
ᠮᠤᠷᠢᠨ ᠳᠤᠭᠤᠷᠠᠢ
ᠳᠠᠮᠠᠭ᠎ᠠ ᠶᠤᠮ᠃
ᠴᠢᠳᠤᠷ ᠤᠨ ᠡᠷᠭᠢᠨ ᠳᠤ ᠪᠦᠳᠦᠷᠢᠭᠡ ᠦᠭᠡᠶ
ᠴᠠᠭᠢᠯᠵᠤ ᠶᠠᠪᠣᠭᠰᠠᠨ ᠠᠶᠤᠩᠭ᠎ᠠ
ᠰᠠᠯᠭᠢᠨ ᠬᠤᠷᠳᠤ ᠪᠠᠷ ᠠᠰᠠᠵᠤ
ᠰᠢᠭᠤᠷᠴᠤ ᠬᠤᠯᠠᠳᠤᠭᠰᠠᠨ ᠳᠤᠮᠤᠭ᠂
ᠮᠤᠷᠢᠳ ᠤᠨ ᠳᠤᠭᠤᠷᠠᠢ
ᠳᠠᠮᠠᠭ᠎ᠠ ᠶᠤᠮ᠃
ᠮᠤᠩᠭ᠋ᠤᠯ ᠭᠡᠰᠡᠨ
ᠴᠢᠩᠭᠢᠰ ᠭᠡᠮᠡᠨ
ᠳᠠᠮᠠᠭ᠎ᠠ ᠶᠤᠮ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠶᠡᠭᠡᠡᠦᠰᠤ ᠰᠤᠮᠤ
ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2678
ᠴᠠᠭ᠄ 2012 ᠤᠨ ᠤ 02 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ