☆ ᠪᠣᠷᠵᠢᠭᠢᠨ·ᠪᠦᠷᠢᠨᠲᠤᠩᠭᠠᠯᠠᠭ
ᠳᠤᠩᠭ᠋ᠤᠷᠤᠤ ᠶᠢᠷᠳᠢᠠᠴᠤ ᠶᠢᠨ ᠳᠠᠳᠠᠯᠠᠭ᠎ᠠ
ᠴᠡᠭᠡᠯ ᠤᠨ ᠣᠰᠤᠨ ᠳ᠋ᠤ
ᠣᠳᠠ ᠨᠢ ᠨᠠᠮᠠᠭ᠎ᠠ ᠪᠠᠷ ᠶᠢᠡᠨ ᠦᠨᠳᠦᠰᠦᠯᠠᠵᠤ
ᠣᠷᠭᠤᠨ᠎ᠠ᠃
ᠪᠣᠯᠵᠤᠮᠤᠷ ᠨᠢ ᠵᠠᠮᠠᠭ ᠤᠨ ᠳᠤᠮᠳᠠᠭᠤᠷ
ᠨᠢᠰᠤᠨᠡ᠃
ᠴᠦᠯ ᠤᠨ ᠡᠯᠡᠰᠤᠨ ᠳᠤ
ᠪᠣᠷᠭᠠᠰᠤ ᠨᠢ ᠦᠨᠳᠦᠰᠦ ᠪᠠᠷ ᠶᠢᠡᠨ ᠨᠠᠪᠴᠢᠯᠠᠵᠤ
ᠪᠠᠷᠪᠠᠢ᠌ᠨᠡ᠃
ᠬᠤᠮᠠᠭ ᠨᠢ ᠨᠠᠪᠴᠢ ᠪᠠᠷ ᠨᠢ ᠨᠠᠭᠠᠳᠴᠤ
ᠭᠡᠢ᠌ᠰᠤᠨ᠎ᠡ᠃
ᠣᠷᠴᠢᠯᠠᠩ ᠵᠢᠮ᠎ᠠ ᠳ᠋ᠤ
ᠵᠤᠨ ᠨᠢ ᠨᠠᠷᠠ ᠡᠴᠠ ᠪᠠᠨ ᠬᠤᠯᠠᠳᠤᠭᠠᠤᠨ
ᠬᠠᠯᠠᠭᠤᠴᠠᠨᠠ᠃
ᠡᠪᠦᠯ ᠨᠢ ᠨᠠᠷᠠ ᠡᠴᠠ ᠪᠠᠨ ᠤᠢ᠌ᠷᠠᠳᠤᠭᠠᠤᠨ
ᠭᠦᠯᠳᠡᠨ᠎ᠡ᠃
ᠣᠢ ᠶᠢᠨ ᠨᠠᠪᠴᠢᠰ
ᠬᠠᠪᠣᠷ ᠨᠢ ᠳᠡᠭ᠍ᠷᠢ ᠥᠭᠡᠳᠡ
ᠣᠷᠭᠤᠨ᠎ᠠ᠃
ᠨᠠᠮᠤᠷ ᠨᠢ ᠭᠠᠵᠠᠷ ᠣᠷᠤᠭᠤ
ᠣᠨᠠᠨ᠎ᠠ᠃
ᠮᠠᠩᠬᠠᠨ ᠨᠤᠳᠤᠭ ᠳᠤ
ᠪᠠᠯᠴᠢᠭᠡᠷ ᠨᠢ ᠳᠠᠷᠢᠶ᠎ᠠ ᠪᠠᠷ ᠶᠢᠡᠨ ᠭᠦᠷᠢᠶᠡᠯᠡᠭᠦᠯᠵᠤ
ᠳᠠᠴᠢᠷᠳᠠᠨᠠ᠃
ᠳᠠᠷᠢᠶ᠎ᠠ ᠨᠢ ᠮᠠᠩᠬ᠎ᠠ ᠪᠠᠷ ᠶᠢᠡᠨ ᠬᠠᠰᠢᠶᠠᠯᠠᠭᠤᠯᠵᠤ
ᠭᠠᠩᠳᠠᠨ᠎ᠠ᠃
ᠮᠠᠯᠵᠢᠬᠤ ᠣᠷᠤᠨ ᠮᠢᠨᠢ
ᠮᠠᠯ ᠨᠢ ᠳᠤᠤᠷ ᠶᠢᠡᠷ ᠶᠢᠡᠨ ᠣᠶᠠᠭᠤᠯᠵᠤ
ᠪᠠᠯᠴᠢᠨᠡ᠃
ᠳᠤᠤᠷ ᠨᠢ ᠮᠠᠯ ᠶᠢᠡᠷ ᠶᠢᠡᠨ ᠳᠡᠯᠡᠭᠦᠯᠵᠤ
ᠳᠠᠰᠤᠷᠠᠨ᠎ᠠ᠃
ᠬᠤᠨᠢ ᠶᠢᠨ ᠮᠠᠨᠠᠭᠠᠨ ᠳ᠋ᠤ
ᠨᠤᠬᠠᠢ ᠨᠢ ᠡᠵᠡᠨ ᠶᠢᠡᠷ ᠶᠢᠡᠨ ᠳᠠᠭᠤᠳᠠᠭᠤᠯᠵᠤ ᠪᠣᠷᠭᠤᠭᠠᠨᠠ᠃
ᠬᠤᠨᠢ ᠨᠢ ᠨᠤᠬᠠᠢ ᠳᠠᠭᠠᠨ ᠢᠳᠡᠭᠡᠵᠤ
ᠢᠳᠡᠭ᠍ᠳᠡᠨᠡ᠃
ᠬᠤᠨᠢ ᠢᠮᠠᠭᠠᠤᠨ ᠤᠨ
ᠪᠠᠶ᠎ᠠ ᠨᠢ ᠪᠠᠯᠴᠢᠭᠡᠷ ᠰᠠᠨᠠᠵᠤ
ᠦᠰᠦᠨ᠎ᠡ᠃
ᠮᠢᠬ᠎ᠠ ᠨᠢ ᠳᠤᠭᠤᠭᠠᠨ ᠵᠥᠭ᠌
ᠳᠠᠷᠭᠤᠯᠠᠨ᠎ᠠ᠃
ᠳᠡᠦᠭᠡ ᠶᠢᠨ ᠦᠨᠡᠨ ᠳ᠋ᠤ
ᠦᠴᠦᠭᠡᠳᠦᠷ ᠨᠢ ᠦᠨᠦᠳᠤᠷ ᠶᠢᠡᠷ ᠶᠢᠡᠨ ᠰᠢᠯᠭᠠᠭᠤᠯᠵᠤ
ᠪᠣᠷᠤᠭᠤᠳᠠᠨᠠ᠃
ᠦᠨᠦᠳᠤᠷ ᠨᠢ ᠮᠠᠷᠭᠠᠰᠢ ᠶᠢᠨ ᠲᠦᠯᠦᠭᠡ ᠪᠠᠨ
ᠪᠣᠷᠤᠭᠤᠳᠠᠨᠠ᠃
ᠴᠦᠪ ᠤᠨ ᠴᠠᠭ ᠳᠤ
ᠨᠤᠮᠤ ᠨᠢ ᠰᠤᠮᠤ ᠪᠠᠷ ᠶᠢᠡᠨ ᠳᠡᠯᠡᠭᠦᠯᠵᠤ
ᠬᠠᠷᠪᠣᠨ᠎ᠠ᠃
ᠰᠤᠮᠤ ᠨᠢ ᠨᠤᠮᠤ ᠪᠠᠨ ᠬᠤᠭᠤᠯᠵᠤ
ᠱᠤᠤᠭᠢᠨ᠎ᠠ᠃
ᠡᠪ ᠤᠨ ᠡᠷᠡᠨ ᠳ᠋ᠤ
ᠫᠣᠤ ᠨᠢ ᠳᠠᠭᠤᠤ ᠳᠠᠭᠠᠨ ᠬᠤᠷᠢᠶᠠᠭᠳᠠᠵᠤ
ᠵᠢᠪᠠᠷᠠᠨᠡ᠃
ᠳᠠᠭᠤᠤ ᠨᠢ ᠴᠤᠤ ᠳᠠᠭᠠᠨ ᠨᠠᠢ᠌ᠳᠠᠵᠤ
ᠳᠠᠷᠬᠠᠭᠳᠠᠨᠠ᠃
ᠢᠨᠠᠭ ᠳᠤᠷᠠᠯᠠᠯ ᠳ᠋ᠤ
ᠬᠠᠢ᠌ᠷ᠎ᠠ ᠨᠢ ᠠᠮᠢᠳᠤᠷᠠᠯ ᠶᠢᠡᠷ ᠶᠢᠡᠨ ᠳᠤᠭᠯᠠᠭᠤᠯᠵᠤ
ᠣᠠᠳᠠᠷᠠᠨ᠎ᠠ᠃
ᠠᠮᠢᠳᠤᠷᠠᠯ ᠨᠢ ᠬᠠᠢ᠌ᠷ᠎ᠠ ᠳᠠᠭᠠᠨ ᠮᠡᠭᠡᠯᠡᠭ᠍ᠳᠡᠵᠤ
ᠵᠠᠳᠠᠷᠠᠨ᠎ᠠ᠃
ᠭᠦᠮᠤᠨ ᠳᠦᠷᠤᠯᠭᠢᠳᠠᠨ ᠳ᠋ᠤ
ᠨᠠᠰᠤ ᠨᠢ ᠥᠭᠦᠯ ᠶᠢᠡᠨ ᠤᠢ᠌ᠷᠠᠳᠤᠭᠤᠯᠵᠤ
ᠦᠰᠦᠨ᠎ᠠ᠃
ᠦᠰᠦ ᠨᠢ ᠨᠠᠰᠤ ᠪᠠᠨ ᠥᠰᠭᠡᠵᠤ
ᠬᠤᠷᠤᠭᠳᠠᠨ᠎ᠠ᠃
ᠡᠷᠢᠶᠡᠨ ᠬᠤᠷᠸ᠎ᠠ ᠳ᠋ᠤ
ᠡᠷᠭᠡ ᠨᠢ ᠡᠳ᠋ ᠶᠢᠡᠷ ᠴᠠᠳᠴᠤ
ᠳᠠᠩᠭ᠋ᠠᠢ᠌ᠨᠠ᠃
ᠡᠳ᠋ ᠨᠢ ᠡᠷᠭᠡ ᠪᠠᠨ ᠡᠷᠡᠮᠰᠢᠵᠤ
ᠡᠷᠳᠥᠢᠨᠡ᠃
ᠨᠢᠭᠤᠴᠠ ᠳᠤᠪᠴᠢᠶᠠᠨ ᠳ᠋ᠤ
ᠳᠡᠦᠭᠡ ᠨᠢ ᠢᠯᠠ ᠪᠣᠯᠵᠤ
ᠪᠢᠴᠢᠭ᠍ᠳᠡᠨ᠎ᠡ᠃
ᠨᠠᠷᠠ ᠨᠢ ᠨᠢᠭᠤᠴᠠ ᠪᠣᠯᠵᠤ
ᠣᠩᠰᠢᠭᠳᠠᠨ᠎ᠠ᠃
ᠴᠠᠭ ᠤᠨ ᠣᠷᠤᠰᠬᠠᠯ ᠳ᠋ᠤ
ᠴᠢ᠂ ᠨᠠᠮ᠎ᠠ ᠪᠠᠷ ᠮᠦᠷᠦᠭᠡᠳᠦᠭᠦᠯᠵᠤ
ᠮᠠᠷᠳᠠᠭᠳᠠᠨᠠ᠃
ᠪᠢ᠂ ᠴᠢᠮ᠎ᠠ ᠶᠢ ᠮᠠᠷᠳᠠᠵᠤ
ᠰᠠᠨᠠᠨ᠎ᠠ᠃
ᠢᠷᠠᠭᠤ ᠨᠠᠢ᠌ᠷᠠᠭ ᠳᠤ
ᠪᠢ᠂ ᠰᠢᠯᠦᠭ᠌ ᠲᠡᠭᠡᠨ ᠵᠠᠷᠤᠭᠳᠠᠵᠤ
ᠵᠦᠳᠠᠷᠠᠨᠡ᠃
ᠰᠢᠯᠦᠭ᠌ ᠮᠢᠨᠢ᠂ ᠨᠠᠳᠠ ᠶᠢ ᠪᠢᠴᠢᠵᠤ
ᠶᠠᠭᠠᠷᠠᠨ᠎ᠠ ᠁
ᠵᠤᠬᠢᠶᠠᠭᠴᠢ ᠶᠢᠨ ᠬᠠᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ·ᠪᠦᠷᠢᠨᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 09 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ