ᠨᠡᠪᠲᠡᠷᠡᠨ ᠤᠷᠤᠬᠤ
ᠭᠠᠯ ᠳᠠᠭᠢᠬᠤ ᠢᠷᠦᠭᠡᠯ

ᠣᠸᠮ ᠰᠠᠢ᠌ᠨ ᠠᠮᠤᠭᠤᠯᠠᠩ ᠪᠣᠯᠳᠤᠭᠠᠢ ︕

ᠡᠩᠭᠡ ᠰᠠᠢ᠌ᠨ ᠵᠢᠷᠭᠠᠯᠠᠩ ᠪᠣᠯᠳᠤᠭᠠᠢ ︕

ᠷᠠᠮ ᠥᠰᠦᠭ᠌ ᠡᠴᠡ ᠡᠭᠦᠰᠦᠭ᠍ᠰᠡᠨ

ᠷᠠᠰᠢᠶᠠᠨ ᠰᠢᠮ᠎ᠠ ᠪᠠᠷ ᠪᠦᠳᠦᠭ᠍ᠰᠡᠨ

ᠠᠷᠢᠭᠤᠨ ᠭᠡᠭᠡᠨ ᠴᠢᠨᠠᠷᠳᠤ

ᠠᠴᠢᠳᠤ ᠭᠠᠯ ᠤᠨ ᠡᠭᠡ ᠳᠤᠷ

ᠬᠠᠢ᠌ᠷᠳᠠᠨ ᠰᠠᠢ᠌ᠷᠳᠠᠨ ᠪᠠᠷᠢᠶᠠᠤᠨ ᠴᠢᠨᠢ

ᠬᠠᠯᠢᠮ ᠥᠭᠡᠭᠦ ᠳᠤᠰᠤᠭᠠᠭᠠᠤᠨ ᠮᠦᠷᠭᠦᠮᠤ᠃

ᠬᠠᠳᠠ ᠴᠢᠯᠠᠭᠤᠨ ᠡᠴᠡ ᠴᠠᠭᠢᠭᠤᠷ ᠠᠪᠣᠭᠰᠠᠨ

ᠬᠠᠢ᠌ᠯᠠᠰᠤᠨ ᠮᠤᠳᠤᠨ ᠡᠴᠡ ᠣᠯᠠ ᠠᠪᠣᠭᠰᠠᠨ

ᠬᠠᠯᠠᠮᠵᠢ ᠦᠷᠤᠰᠢᠶᠠᠯ ᠶᠡᠭᠡᠳᠤ ᠭᠠᠯ ᠤᠨ ᠡᠭᠡ ᠳᠤ

ᠬᠠᠢ᠌ᠷᠳᠠᠨ ᠰᠠᠢ᠌ᠷᠳᠠᠨ ᠪᠠᠷᠢᠶᠠᠤᠨ ᠴᠢᠨᠢ

ᠬᠠᠯᠢᠮ ᠥᠭᠡᠭᠦ ᠳᠤᠰᠤᠭᠠᠨ ᠮᠦᠷᠭᠦᠮᠤ᠃

ᠣᠯᠠᠭᠠᠨ ᠬᠠᠳᠠᠨ ᠡᠴᠡ ᠴᠠᠭᠢᠭᠤᠷ ᠠᠪᠣᠭᠰᠠᠨ

ᠠᠭᠤᠳᠠᠮ ᠡᠨᠡᠷᠢᠩᠭᠦᠢ ᠰᠡᠳᠭᠢᠯᠳᠤ

ᠣᠤᠭᠠᠨ ᠭᠠᠯ ᠤᠨ ᠡᠭᠡ ᠳᠤᠷ

ᠬᠠᠢ᠌ᠷᠳᠠᠨ ᠰᠠᠢ᠌ᠷᠳᠠᠨ ᠪᠠᠷᠢᠶᠠᠤᠨ ᠴᠢᠨᠢ

ᠬᠠᠯᠢᠮ ᠥᠭᠡᠭᠦ ᠳᠤᠰᠤᠭᠠᠨ ᠮᠦᠷᠭᠦᠮᠤ᠃

ᠥᠭᠡᠷ ᠢ ᠴᠢᠨᠢ ᠭᠦᠳᠦᠯᠵᠤ

ᠦᠨᠡᠰᠤ ᠶᠢ ᠴᠢᠨᠢ ᠭᠡᠭᠡᠵᠤ

ᠡᠭᠦᠳᠡ ᠶᠢ ᠴᠢᠨᠢ ᠨᠡᠭᠡᠭᠡᠵᠤ

ᠡᠷᠦᠭᠡ ᠶᠢ ᠴᠢᠨᠢ ᠮᠠᠠᠳᠤᠭᠤᠯᠵᠤ

ᠬᠠᠢ᠌ᠷᠳᠠᠨ ᠰᠠᠢ᠌ᠷᠳᠠᠨ ᠪᠠᠷᠢᠶᠠᠤᠨ ᠴᠢᠨᠢ

ᠬᠠᠯᠢᠮ ᠥᠭᠡᠭᠦ ᠳᠤᠰᠤᠭᠠᠨ ᠮᠦᠷᠭᠦᠮᠤ᠃

ᠬᠠᠭ ᠭᠡᠭᠦ ᠬᠠᠨᠢᠶᠠᠳᠤ ᠦᠭᠡᠶ

ᠬᠠᠮᠠᠷ ᠱᠠᠷᠭᠢᠷᠠᠬᠤ ᠶᠠᠮ ᠦᠭᠡᠶ

ᠲᠤᠷ ᠭᠡᠭᠦ ᠳᠤᠮᠤᠭᠤ ᠦᠭᠡᠶ

ᠳᠤᠯᠤᠭᠠᠢ ᠡᠪᠠᠦᠡᠭᠦ ᠭᠡᠮ ᠦᠭᠡᠶ

ᠦᠯᠵᠡᠢ ᠬᠤᠳᠤᠭ ᠢ ᠭᠤᠶᠤᠵᠤ

ᠥᠭᠡᠭᠦ ᠳᠤᠰᠤ ᠳᠤᠰᠤᠭᠠᠨ ᠮᠦᠷᠭᠦᠮᠤ᠃

ᠵᠢᠯ ᠳᠤ ᠪᠠᠨ ᠴᠢᠦᠡᠭᠦᠷ ᠦᠭᠡᠶ

ᠰᠠᠷ᠎ᠠ ᠳᠤ ᠪᠠᠨ ᠪᠠᠷᠴᠢᠳ ᠦᠭᠡᠶ

ᠡᠳᠦᠷ ᠲᠤ ᠪᠠᠨ ᠡᠪᠡᠳᠴᠢᠨ ᠦᠭᠡᠶ

ᠦᠷᠭᠦᠯᠵᠢ ᠳᠤ ᠪᠠᠨ ᠵᠢᠷᠭᠠᠯᠠᠩ ᠲᠡᠶ ᠪᠣᠯᠬᠤ

ᠦᠯᠵᠡᠢ ᠬᠤᠳᠤᠭ ᠢ ᠭᠤᠶᠤᠵᠤ

ᠥᠭᠡᠭᠦ ᠳᠤᠰᠤ ᠳᠤᠰᠤᠭᠠᠨ ᠮᠦᠷᠭᠦᠮᠤ᠃

ᠭᠤᠴᠢ ᠬᠤᠨᠤᠪᠠᠯ ᠨᠢᠭᠡ ᠰᠠᠷ᠎ᠠ ᠭᠡᠨ᠎ᠡ

ᠭᠤᠷᠪᠠᠨ ᠵᠠᠭᠤ ᠵᠢᠷᠠ ᠬᠤᠨᠤᠪᠠᠯ ᠨᠢᠭᠡ ᠵᠢᠯ ᠭᠡᠨ᠎ᠡ

ᠡᠭᠡᠯᠵᠢᠯᠡᠭᠦ ᠣᠯᠠᠷᠢᠯ ᠤᠨ ᠡᠨᠡ ᠡᠳᠦᠷ ᠪᠣᠯᠪᠠᠰᠤ

ᠯᠠ ᠰᠠᠷ᠎ᠠ ᠶᠢᠨ ᠬᠤᠷᠢᠨ ᠭᠤᠷᠪᠠᠨ ᠪᠣᠯᠬᠤᠷ

ᠨᠠᠷᠠ ᠰᠠᠷᠠᠨ ᠮᠠᠳᠤ ᠯᠠᠮᠠ ᠶᠢ ᠵᠠᠯᠠᠵᠤ

ᠨᠠᠪᠴᠢ ᠮᠠᠳᠤ ᠰᠤᠳᠤᠷ ᠢ ᠣᠩᠰᠢᠭᠤᠯᠵᠤ

ᠵᠢᠯ ᠤᠨ ᠣᠯᠤᠭᠰᠠᠨ ᠭᠦᠴᠤᠨ ᠤ ᠳᠡᠭᠡᠵᠢ ᠪᠠᠨ

ᠭᠠᠯ ᠤᠨ ᠡᠵᠡᠨ ᠳᠤ ᠪᠠᠨ ᠡᠷᠭᠦᠨ ᠮᠦᠷᠭᠦᠵᠤ ᠪᠠᠢ᠌ᠨ᠎ᠠ᠃

ᠳᠡᠭᠡᠳᠤ ᠮᠥᠩᠭᠡ ᠳᠡᠭ᠍ᠷᠢ ᠶᠢ

ᠳᠠᠪᠰᠢ ᠶᠢᠨ ᠴᠢᠨᠡᠭᠡ ᠪᠦᠭᠦᠢ ᠡᠴᠡ

ᠳᠤᠤᠷ᠎ᠠ ᠢᠳᠦᠭᠠᠨ ᠡᠭᠡ ᠶᠢ

ᠦᠯᠮᠡᠢ ᠴᠢᠨᠡᠭᠡᠨ ᠡᠴᠡ

ᠰᠦᠮᠪᠦᠷ ᠠᠭᠤᠯᠠ ᠶᠢ ᠳᠤᠪᠣ ᠳᠠᠳᠤᠢ ᠡᠴᠡ

ᠰᠦᠨ ᠳᠠᠯᠠᠢ ᠶᠢ ᠱᠠᠯᠴᠢᠭ ᠳᠠᠳᠤᠢ ᠡᠴᠡ

ᠡᠭᠦᠳᠤᠨ ᠵᠠᠶᠠᠭᠠᠭᠰᠠᠨ ᠭᠠᠯ ᠤᠨ ᠡᠭᠡ ᠳᠤ ᠪᠠᠨ

ᠥᠭᠡᠭᠦ ᠳᠤᠰᠤ ᠡᠷᠭᠦᠨ ᠮᠦᠷᠭᠦᠮᠤ

ᠡᠰᠦᠭ᠌ ᠳᠠᠷᠠᠰᠤ ᠶᠢ ᠳᠤᠰᠤᠭᠠᠵᠤ ᠮᠦᠷᠭᠦᠮᠤ᠃

ᠥᠭᠡᠳᠡᠯᠡᠭᠦ ᠶᠡᠭᠡ ᠪᠣᠶᠠᠨ ᠤ ᠳᠤᠮᠳᠠ

ᠡᠢ᠌ᠨ ᠵᠢᠷᠭᠠᠨ ᠠᠳᠤᠭᠠᠢ᠃

ᠬᠠᠩᠭ᠋ᠠᠢ ᠬᠠᠨ ᠢ ᠳᠤᠪᠣ ᠳᠠᠳᠤᠢ ᠡᠴᠡ

ᠬᠠᠳᠤᠨ ᠭᠤᠤᠯ ᠢ ᠱᠠᠯᠴᠢᠭ ᠳᠠᠳᠤᠢ ᠡᠴᠡ

ᠭᠠᠯᠪᠠᠷᠠᠭᠴᠠ ᠮᠤᠳᠤ ᠶᠢ ᠪᠣᠳᠠ ᠪᠠᠢ᠌ᠬᠤ ᠡᠴᠡ

ᠭᠠᠯᠪᠢᠩᠭ᠋᠎ᠠ ᠰᠢᠪᠠᠭᠤ ᠶᠢ ᠳᠡᠭ᠍ᠳᠡᠭᠡᠭᠡᠢ ᠪᠠᠢ᠌ᠬᠤ ᠡᠴᠡ

ᠬᠠᠭᠠᠨ ᠴᠢᠩᠭᠢᠰ ᠤᠨ ᠳᠠᠭᠢᠭᠰᠠᠨ

ᠬᠠᠳᠤᠨ ᠪᠦᠷᠳᠡᠭᠡᠯᠵᠢᠨ ᠤ ᠥᠯᠢᠶᠡᠭ᠍ᠰᠡᠨ

ᠬᠠᠢ᠌ᠷ ᠴᠢᠯᠠᠭᠤᠨ ᠡᠭᠡᠳᠤ

ᠬᠠᠳᠠᠨ ᠳᠠᠮᠤᠷ ᠡᠴᠢᠭᠡᠳᠤ

ᠴᠢᠩ ᠴᠢᠯᠠᠭᠤᠨ ᠡᠭᠡᠳᠤ

ᠴᠡᠩᠭᠡᠯ ᠳᠠᠮᠤᠷ ᠡᠴᠢᠭᠡᠳᠤ

ᠡᠭᠦᠯᠡᠨ ᠨᠠᠪᠳᠠ ᠣᠨᠢᠶᠠᠷᠳᠤ

ᠡᠳᠦᠭᠡᠨ ᠨᠠᠪᠳᠠ ᠢᠯᠴᠢᠳᠤ

ᠳᠤᠷᠭᠠᠨ ᠨᠢᠭᠤᠷᠳᠤ

ᠳᠤᠰᠤᠨ ᠴᠢᠷᠠᠢ᠌ᠳᠤ

ᠭᠠᠯ ᠤᠨ ᠡᠭᠡ ᠳᠤ ᠪᠠᠨ ᠡᠷᠭᠦᠨ ᠮᠦᠷᠭᠦᠮᠤ

ᠥᠭᠡᠭᠦ ᠳᠤᠰᠤᠨ ᠡᠷᠭᠦᠨ ᠮᠦᠷᠭᠦᠮᠤ

ᠦᠷᠤᠮ᠎ᠠ ᠬᠤᠷᠤᠳ ᠰᠠᠴᠤᠨ ᠮᠦᠷᠭᠦᠮᠤ᠃

ᠥᠭᠡᠳᠡᠯᠡᠭᠦ ᠶᠡᠭᠡ ᠪᠣᠶᠠᠨ ᠤ ᠳᠤᠮᠳᠠ

ᠡᠢ᠌ᠨ ᠵᠢᠷᠭᠠᠨ ᠵᠠᠶᠠᠭᠠᠨ ᠠᠳᠤᠭᠠᠢ᠃

ᠳᠠᠯᠠᠨ ᠠᠭᠤᠯᠠ ᠶᠢ ᠳᠤᠪᠣ ᠪᠦᠭᠦᠢ ᠡᠴᠡ

ᠳᠠᠯᠠᠢ ᠮᠦᠷᠠᠨ ᠢ ᠱᠠᠯᠴᠢᠭ ᠳᠠᠳᠤᠢ ᠡᠴᠡ

ᠳᠠᠢ᠌ᠷ ᠬᠠᠷᠴᠠᠭᠠᠢ ᠶᠢ ᠵᠤᠯᠵᠠᠭ᠎ᠠ ᠳᠠᠳᠤᠢ ᠡᠴᠡ

ᠳᠠᠷᠭᠠᠢ ᠳᠡᠭᠡ ᠶᠢ ᠥᠨᠦᠭᠦ ᠳᠠᠳᠤᠢ ᠡᠴᠡ

ᠳᠠᠶᠠᠩ ᠮᠤᠩᠭ᠋ᠤᠯ ᠤᠨ ᠡᠭᠦᠰᠭᠦᠢ ᠪᠦᠭᠦᠢ ᠡᠴᠡ

ᠰᠤᠳᠤ ᠪᠣᠭᠳᠠ ᠴᠢᠩᠭᠢᠰ ᠤᠨ ᠳᠠᠭᠢᠭᠰᠠᠨ

ᠰᠠᠴᠠᠨ ᠬᠠᠳᠤᠨ ᠪᠦᠷᠳᠡᠭᠡᠯᠵᠢᠨ ᠤ ᠥᠯᠢᠶᠡᠭ᠍ᠰᠡᠨ

ᠡᠭᠦᠯᠡᠨ ᠨᠠᠪᠳᠠ ᠣᠨᠢᠶᠠᠷᠳᠤ

ᠡᠳᠦᠭᠡᠨ ᠨᠠᠪᠳᠠ ᠢᠯᠴᠢᠳᠤ

ᠭᠠᠯ ᠭᠤᠯᠤᠮᠳᠠ

ᠳᠤᠰᠤᠨ ᠠᠮᠢᠳᠤ ᠳᠠᠩᠭᠢᠯ ᠡᠭᠡ

ᠳᠤᠷᠭᠠᠨ ᠨᠢᠭᠤᠷᠳᠤ

ᠭᠠᠯ ᠭᠠᠯᠢ᠌ᠬᠠᠨ ᠡᠭᠡ ᠳᠤ ᠪᠠᠨ

ᠥᠭᠡᠭᠦ ᠳᠤᠰᠤ ᠪᠠᠨ ᠡᠷᠭᠦᠨ ᠮᠦᠷᠭᠦᠮᠤ

ᠡᠰᠦᠭ᠌ ᠳᠠᠷᠠᠰᠤ ᠶᠢ ᠳᠤᠰᠤᠭᠠᠨ ᠮᠦᠷᠭᠦᠮᠤ᠃

ᠥᠭᠡᠳᠡᠯᠡᠭᠦ ᠶᠡᠭᠡ ᠪᠣᠶᠠᠨ ᠤ ᠳᠤᠮᠳᠠ  

ᠡᠢ᠌ᠨ ᠵᠢᠷᠭᠠᠨ ᠵᠠᠶᠠᠭᠠᠨ ᠠᠳᠤᠭᠠᠢ᠃

ᠪᠣᠷᠬᠠᠨ ᠬᠠᠨ ᠢ ᠳᠤᠪᠣ ᠪᠠᠢ᠌ᠬᠤ ᠳᠤ

ᠪᠣᠶᠠᠠᠳᠤ ᠳᠠᠯᠠᠢ ᠶᠢ ᠱᠠᠯᠴᠢᠭ ᠪᠦᠭᠦᠢ ᠡᠴᠡ

ᠪᠣᠯᠵᠤᠮᠤᠷ ᠰᠢᠪᠠᠭᠤ ᠶᠢ ᠳᠡᠭ᠍ᠳᠡᠮᠡᠯ ᠪᠦᠭᠦᠢ ᠡᠴᠡ

ᠡᠭᠦᠳᠤᠨ ᠵᠠᠶᠠᠭᠠᠭᠰᠠᠨ ᠭᠠᠯ ᠤᠨ ᠡᠭᠡ ᠳᠤ ᠪᠠᠨ

ᠬᠠᠷ᠎ᠠ ᠠᠷᠢᠭᠢ ᠶᠢ ᠠᠶᠠᠭ᠎ᠠ ᠪᠠᠷ ᠳᠤᠰᠤᠭᠠᠵᠤ

ᠬᠠᠯᠢᠮ ᠥᠭᠡᠭᠦ ᠶᠢ ᠠᠯᠠᠭ᠎ᠠ ᠪᠠᠷ ᠡᠷᠭᠦᠨᠡᠮ᠃

ᠬᠠᠢ᠌ᠷᠠᠯᠠᠬᠤ ᠮᠠᠳᠤ ᠡᠩᠭᠡ ᠵᠢᠷᠭᠠᠯ ᠢ

ᠡ᠊ᠨᠳᠡ ᠦᠭ‍ᠭᠦ ᠪᠣᠯᠳᠤᠭᠠᠢ

ᠡᠵᠡᠨ ᠪᠣᠭᠳᠠ ᠶᠢᠨ ᠳᠠᠭᠢᠭᠰᠠᠨ

ᠡᠭᠡ ᠬᠠᠳᠤᠨ ᠤ ᠥᠯᠢᠶᠡᠭ᠍ᠰᠡᠨ

ᠰᠢᠷ᠎ᠠ ᠭᠢᠯᠭᠠᠨ᠎ᠠ ᠠᠮᠢᠳᠤ

ᠰᠢᠷ᠎ᠠ ᠳᠤᠰᠤᠨ ᠠᠳᠢᠰᠳᠤ

ᠰᠢᠷ᠎ᠠ ᠳᠦᠷᠦᠭᠦᠳᠤ ᠴᠠᠭᠠᠨ ᠬᠤᠨᠢᠨ ᠤ ᠳᠠᠭᠢᠯᠭᠠᠳᠤ

ᠭᠠᠯ ᠭᠠᠯᠢ᠌ᠬᠠᠨ ᠡᠭᠡ ᠳᠤ ᠪᠠᠨ

ᠥᠭᠡᠭᠦ ᠳᠤᠰᠤ ᠶᠢ ᠡᠷᠭᠦᠨᠡᠮ᠃

ᠰᠢᠯᠢ ᠰᠠᠢ᠌ᠳᠠᠢ ᠭᠦᠪᠠᠭᠦᠨ ᠲᠡᠶ ᠪᠣᠯᠭᠠᠬᠤ ᠪᠣᠯᠪᠠ ᠦᠦ ︖

ᠰᠢᠪᠠᠷᠭᠡᠯ ᠰᠠᠢ᠌ᠳᠤ ᠪᠠᠷᠢ ᠲᠡᠶ ᠪᠣᠯᠭᠠᠬᠤ ᠪᠣᠯᠪᠠ ᠦᠦ ︖

ᠰᠢᠯᠤᠭᠤᠨ ᠰᠠᠢ᠌ᠬᠠᠨ ᠦᠬᠢᠨ ᠲᠡᠶ ᠪᠣᠯᠭᠠᠬᠤ ᠪᠣᠯᠪᠠ ᠦᠦ ︖

ᠦᠬᠢᠨ ᠦᠷ᠎ᠡ ᠪᠠᠨ ᠥᠰᠭᠡᠵᠤ

ᠦᠷᠢ ᠰᠢᠷᠢ ᠪᠠᠨ ᠪᠦᠳᠦᠭᠡᠵᠤ

ᠨᠤᠭᠤᠨ ᠦᠷ᠎ᠡ ᠪᠠᠨ ᠥᠰᠭᠡᠵᠤ

ᠨᠤᠳᠤᠭ ᠣᠰᠤ ᠪᠠᠨ ᠢᠤᠠᠬᠠᠵᠤ

ᠳᠤᠭ᠎ᠠ ᠦᠭᠡᠶ ᠳᠤᠷᠭ᠎ᠠ ᠶᠢ ᠬᠠᠢ᠌ᠴᠢᠯᠠᠵᠤ

ᠳᠤᠪᠴᠢ ᠪᠦᠴᠡ ᠶᠢ ᠬᠠᠳᠠᠵᠤ

ᠡᠩ ᠦᠭᠡᠶ ᠳᠤᠷᠭ᠎ᠠ ᠶᠢ ᠡᠰᠭᠡᠵᠤ

ᠡᠩᠭᠡᠷ ᠵᠠᠬ᠎ᠠ ᠶᠢ ᠵᠠᠯᠭᠠᠵᠤ

ᠡᠩᠭᠡ ᠮᠠᠠᠳᠤ ᠵᠢᠷᠭᠠᠬᠤ ᠪᠣᠯᠳᠤᠭᠠᠢ

ᠴᠢᠩᠭᠢᠰ ᠬᠠᠭᠠᠨ ᠤ ᠳᠠᠭᠢᠭᠰᠠᠨ

ᠴᠢᠩᠭᠢᠯ ᠪᠦᠷᠳᠡᠭᠡᠯᠵᠢᠨ ᠤ ᠥᠯᠢᠶᠡᠭ᠍ᠰᠡᠨ

ᠳᠤᠷᠭᠠᠨ ᠴᠢᠷᠠᠢ᠌ᠳᠤ

ᠳᠤᠰᠤᠨ ᠠᠮᠢᠳᠤ

ᠦᠷᠭᠡᠨ ᠴᠢᠷᠠᠢ᠌ᠳᠤ

ᠥᠭᠡᠭᠦᠨ ᠠᠮᠢᠳᠤ

ᠭᠠᠯ ᠤᠨ ᠡᠭᠡ ᠳᠤ ᠪᠠᠨ

ᠥᠭᠡᠭᠦ ᠳᠤᠰᠤ ᠡᠷᠭᠦᠨ ᠮᠦᠷᠭᠦᠮᠤ

ᠳᠠᠷᠠᠰᠤ ᠠᠷᠢᠭᠢ ᠡᠷᠭᠦᠨ ᠮᠦᠷᠭᠦᠮᠤ᠃

ᠥᠭᠡᠳᠡᠯᠡᠭᠦ ᠶᠡᠭᠡ ᠵᠢᠷᠭᠠᠯᠠᠩ ᠢ

ᠡ᠊ᠨᠳᠡ ᠦᠭ‍ᠭᠦ ᠪᠣᠯᠳᠤᠭᠠᠢ

ᠣᠷᠳᠤ ᠬᠠᠠᠴᠤᠢ ᠶᠢ ᠣᠳᠤᠷᠢᠳᠤᠭᠤᠯᠤᠨ ᠰᠠᠭᠤᠨᠠᠮ

ᠣᠭᠤᠴᠠ ᠡᠪᠴᠢᠭᠦᠤ ᠪᠠᠷ ᠮᠢᠯᠢᠶᠠᠨ ᠰᠠᠭᠤᠨᠠᠮ᠃

ᠳᠤᠷᠭᠠᠨ ᠬᠠᠠᠴᠤᠢ ᠶᠢ ᠣᠷᠢᠶᠠᠯᠳᠤᠭᠤᠯᠤᠨ ᠰᠠᠭᠤᠨᠠᠮ

ᠳᠤᠰᠤ ᠦᠷᠤᠮ᠎ᠠ ᠪᠠᠷ ᠮᠢᠯᠢᠶᠠᠨ ᠰᠠᠭᠤᠨᠠᠮ᠃

ᠨᠠᠭᠤᠷ ᠲᠤ ᠵᠤᠭᠰᠤᠬᠤ ᠣᠯᠠᠨ ᠠᠳᠤᠭᠤ ᠲᠡᠶ ᠪᠣᠯᠤᠭᠠᠷᠠᠢ

ᠨᠤᠮ ᠪᠢᠴᠢᠭ᠌ ᠲᠤ ᠨᠡᠪᠳᠡᠷᠡᠭ᠍ᠰᠡᠨ

ᠨᠤᠭᠤᠨ ᠭᠦᠪᠠᠭᠦᠨ ᠲᠡᠶ ᠪᠣᠯᠤᠭᠠᠷᠠᠢ

ᠬᠤᠳᠤᠭᠤᠷ ᠲᠤ ᠳᠦᠭᠦᠷᠡᠩ

ᠬᠤᠨᠢ ᠢᠮᠠᠭ᠎ᠠ ᠲᠡᠶ ᠪᠣᠯᠳᠤᠭᠠᠢ

ᠵᠠᠩ ᠰᠠᠢ᠌ᠳᠤ ᠬᠡᠦᠬᠡᠳ ᠢ ᠴᠢᠨᠢ

ᠵᠠᠶᠠᠭᠠᠳᠤ ᠪᠣᠱᠤᠭᠠᠨ ᠳᠤ ᠴᠢᠨᠢ ᠮᠦᠷᠭᠦᠭᠦᠯᠦᠨᠡᠮ᠃

ᠦᠯᠵᠡᠢ ᠬᠤᠳᠤᠭ ᠣᠷᠤᠰᠢᠬᠤ ᠪᠣᠯᠳᠤᠭᠠᠢ

ᠭᠠᠪᠢᠶ᠎ᠠ ᠠᠴᠢ ᠶᠡᠭᠡᠳᠤ

ᠭᠠᠯ ᠤᠨ ᠪᠣᠷᠬᠠᠨ ᠡᠭᠡ ᠮᠢᠨᠢ

ᠡᠨᠡ ᠦᠯᠵᠡᠢ᠌ᠳᠤ ᠡᠳᠦᠷ

ᠡᠭᠡ ᠰᠢᠷ᠎ᠠ ᠳᠦᠷᠦᠭᠦᠳᠤ

ᠴᠠᠭᠠᠨ ᠬᠤᠨᠢᠨ ᠤ ᠡᠪᠴᠢᠭᠦᠨ ᠶᠢᠡᠷ ᠳᠠᠭᠢᠨᠠᠮ

ᠡᠨᠡ ᠪᠦᠭᠦᠢ ᠠᠮᠢᠳᠠᠨ ᠴᠢᠨᠢ

ᠡ᠊ᠨᠳᠡᠭᠦᠷᠡᠯ ᠦᠭᠡᠶ ᠪᠣᠷᠬᠠᠨ ᠤ ᠬᠤᠳᠤᠭ ᠣᠯᠳᠤᠭᠠᠢ

ᠪᠣᠶᠠᠠᠳᠤ ᠵᠢᠯ ᠣᠷᠤᠵᠤ

ᠪᠣᠯᠠᠭᠠᠨ ᠤ ᠵᠢᠰᠤ ᠵᠢᠰᠤᠯᠠᠪᠠ

ᠪᠣᠷᠳᠠᠭ ᠨᠢᠭᠦᠯ ᠭᠢᠯᠢᠠᠴᠠ ᠠᠷᠢᠯᠳᠤᠭᠠᠢ

ᠪᠣᠷᠬᠠᠨ ᠪᠠᠭᠰᠢ ᠶᠢᠨ ᠦᠷᠦᠰᠢᠶᠡᠭ᠍ᠰᠡᠨ

ᠪᠣᠶᠠᠨ ᠭᠡᠰᠢᠭ᠌ ᠡ᠊ᠨᠳᠡ ᠳᠤᠭᠳᠠᠳᠤᠭᠠᠢ

ᠬᠠᠭᠤᠴᠢᠨ ᠵᠢᠯ ᠬᠠᠩᠭᠢᠷᠠᠰᠴᠤ ᠬᠠᠷᠢᠬᠤᠢ ᠳᠤᠷ

ᠬᠠᠯᠢᠭᠤᠨ ᠤ ᠵᠢᠰᠤ ᠵᠢᠰᠦᠯᠡᠭᠦᠢ ᠳᠤᠷ

ᠬᠠᠷ᠎ᠠ ᠳᠦᠷᠦᠭᠦᠳᠤ ᠴᠠᠭᠠᠨ ᠬᠤᠨᠢᠨ ᠤ

ᠡᠪᠴᠢᠭᠦᠨ ᠶᠢᠡᠷ ᠳᠠᠭᠢᠨᠠᠮ᠃

ᠬᠠᠷᠰᠢ ᠵᠤᠪᠠᠯᠠᠩ ᠠᠷᠢᠯᠳᠤᠭᠠᠢ

ᠬᠠᠮᠤᠭ ᠠᠳᠠ ᠴᠢᠦᠡᠭᠦᠷ

ᠳᠠᠷᠤᠭᠳᠠᠳᠤᠭᠠᠢ

ᠬᠠᠮᠤᠭ ᠪᠦᠭᠦᠳᠡ ᠠᠮᠢᠳᠠᠨ ᠭᠦᠰᠡᠭᠦᠢ ᠵᠢᠷᠭᠠᠯᠠᠩ ᠶᠢᠡᠷ

ᠬᠠᠮᠤᠭ ᠪᠦᠭᠦᠳᠡ ᠵᠢᠷᠭᠠᠳᠤᠭᠠᠢ

ᠰᠢᠨ᠎ᠠ ᠵᠢᠯ ᠰᠢᠯᠵᠢᠵᠤ ᠢᠷᠡᠭᠦᠢ ᠳᠤ

ᠰᠢᠯᠦᠭᠦᠰᠤᠨ ᠤ ᠵᠢᠰᠦᠯᠡᠭᠦᠢ ᠳᠤᠷ

ᠰᠢᠷ᠎ᠠ ᠳᠡᠷᠢᠭᠦᠳᠤ ᠴᠠᠭᠠᠨ ᠬᠤᠨᠢᠨ ᠤ

ᠡᠪᠴᠢᠭᠦᠨ ᠶᠢᠡᠷ ᠳᠠᠭᠢᠨᠠᠮ᠃

ᠰᠢᠪᠰᠢᠭ᠌ ᠵᠤᠪᠠᠯᠠᠩ ᠠᠷᠢᠯᠳᠤᠭᠠᠢ

ᠰᠢᠯᠤᠭᠤᠨ ᠱᠠᠰᠢᠨ ᠳᠦᠷᠤ ᠬᠤᠶᠠᠷ

ᠡ᠊ᠨᠳᠡ ᠳᠤᠭᠳᠠᠳᠤᠭᠠᠢ

ᠬᠠᠨ ᠳᠡᠭ᠍ᠷᠢ ᠶᠢᠨ ᠵᠠᠶᠠᠭ᠎ᠠ ᠪᠠᠷ ᠡᠭᠦᠳᠦᠭ᠍ᠰᠡᠨ

ᠬᠠᠨ ᠡᠵᠡᠨ ᠤ ᠭᠠᠯ ᠭᠤᠯᠤᠮᠳᠠ

ᠬᠠᠮᠤᠭ ᠠᠮᠢᠳᠠᠨ ᠳᠤᠷ ᠦᠯᠵᠡᠢ ᠬᠤᠳᠤᠭ ᠪᠣᠯᠳᠤᠭᠠᠢ

ᠡᠷᠭᠡᠳᠤ ᠳᠡᠭ᠍ᠷᠢ ᠶᠢᠨ ᠡᠭᠡᠯᠭᠡ ᠪᠠᠷ ᠪᠦᠳᠦᠭ᠍ᠰᠡᠨ

ᠡᠵᠡᠨ ᠪᠣᠭᠳᠠ ᠶᠢᠨ ᠭᠠᠯ ᠭᠤᠯᠤᠮᠳᠠ

ᠡᠳᠦᠷ ᠪᠦᠭᠦ ᠠᠮᠢᠳᠠᠨ ᠳᠤᠷ

ᠦᠯᠵᠡᠢ ᠬᠤᠳᠤᠭ ᠣᠷᠤᠰᠢᠳᠤᠭᠠᠢ᠃

ᠬᠠᠢ᠌ᠷ ᠴᠢᠯᠠᠭᠤᠨ ᠡᠭᠡᠳᠤ

ᠬᠠᠳᠠᠨ ᠳᠠᠮᠤᠷ ᠡᠴᠢᠭᠡᠳᠤ

ᠬᠠᠢ᠌ᠯᠠᠰᠤᠨ ᠮᠤᠳᠤᠨ ᠠᠮᠢᠳᠤ

ᠬᠠᠨ ᠭᠠᠯ ᠤᠨ ᠡᠭᠡ ᠮᠢᠨᠢ

ᠬᠠᠷ᠎ᠠ ᠠᠷᠢᠭᠢ ᠶᠢ ᠠᠶᠠᠭ᠎ᠠ ᠪᠠᠷ ᠳᠤᠰᠤᠭᠠᠵᠤ

ᠬᠠᠯᠢᠮ ᠥᠭᠡᠭᠦ ᠡᠷᠭᠦᠨ ᠮᠦᠷᠭᠦᠨᠡᠮ

ᠬᠠᠯᠠᠭᠤᠨ ᠠᠮᠢ ᠮᠥᠩᠭᠡ ᠪᠣᠯᠵᠤ

ᠬᠠᠷᠣᠢ᠌ᠬᠤ ᠪᠣᠷᠣᠢ᠌ᠬᠤ ᠦᠮᠴᠢ ᠡᠩᠭᠡ ᠪᠣᠯᠵᠤ

ᠬᠠᠢ᠌ᠷᠠᠯᠠᠬᠤ ᠳᠠᠪᠤᠨ ᠬᠤᠰᠢᠭᠤ ᠮᠠᠯ ᠮᠢᠨᠢ

ᠡᠰᠡᠨ ᠮᠠᠠᠳᠤ ᠥᠰᠭᠦ ᠪᠣᠯᠳᠤᠭᠠᠢ

ᠭᠠᠳᠠᠨ᠎ᠠ ᠪᠠᠢ᠌ᠬᠤ ᠮᠠᠯ ᠮᠢᠨᠢ

ᠭᠠᠯᠠᠭᠤᠨ ᠮᠠᠳᠤ ᠦᠷᠠᠵᠢᠵᠤ

ᠭᠠᠬᠠᠢ ᠮᠠᠳᠤ ᠳᠠᠷᠭᠤᠯᠠᠵᠤ

ᠭᠠᠵᠠᠷ ᠣᠰᠤ ᠬᠤᠶᠠᠷ ᠢ ᠪᠦᠷᠭᠦᠭᠦ ᠪᠣᠯᠳᠤᠭᠠᠢ

ᠭᠠᠢ᠌ᠬᠠᠮᠰᠢᠭ ᠪᠣᠷᠬᠠᠤᠨ ᠤᠨ

ᠪᠣᠶᠠᠨ ᠭᠡᠰᠢᠭ᠌ ᠳᠤᠭᠳᠠᠳᠤᠭᠠᠢ

ᠷᠠᠮ ᠥᠰᠦᠭ᠌ ᠡᠴᠡ ᠡᠭᠦᠰᠦᠭ᠍ᠰᠡᠨ

ᠠᠷᠰᠢ ᠶᠢᠨ ᠣᠪᠠᠳᠢᠰ ᠶᠢᠡᠷ ᠪᠦᠳᠦᠭ᠍ᠰᠡᠨ

ᠠᠷᠢᠭᠤᠨ ᠭᠡᠭᠡᠨ ᠴᠢᠨᠠᠷᠳᠤ

ᠭᠠᠯ ᠤᠨ ᠡᠭᠡ ᠪᠣᠷᠬᠠᠨ

ᠬᠠᠳᠠᠭᠤ ᠶᠢ ᠵᠥᠭᠡᠯᠡᠨ ᠪᠣᠯᠭᠠᠭᠠᠭᠴᠢ  

ᠬᠠᠷᠠᠩᠭ᠋ᠤᠢ ᠶᠢ ᠭᠡᠭᠡᠨ ᠪᠣᠯᠭᠠᠭᠠᠭᠴᠢ  

ᠭᠠᠯ ᠤᠨ ᠬᠠᠭᠠᠨ ᠡᠭᠡ ᠡ᠃

ᠡᠨᠡ ᠡᠳᠦᠷ ᠴᠢᠨᠤ

ᠦᠨᠳᠦᠰᠦ ᠶᠢ ᠴᠢᠨᠢ ᠳᠠᠭᠤᠳᠠᠵᠤ

ᠥᠰᠦᠭ᠌ ᠢ ᠴᠢᠨᠢ ᠳᠤᠷᠠᠳᠬᠤ

ᠰᠢᠯᠳᠠᠭᠠᠨ ᠶᠠᠭᠤ ᠪᠣᠢ ︖ ᠭᠡᠪᠠᠯ

ᠰᠤᠳᠤ ᠪᠣᠭᠳᠠ ᠶᠢᠨ ᠰᠤᠷᠭᠠᠯ ᠪᠦᠯᠦᠭᠡ ᠭᠡᠵᠤ

ᠰᠤᠳᠠᠢ ᠬᠠᠳᠤᠨ ᠤ ᠥᠯᠢᠭᠡᠷ ᠪᠦᠯᠦᠭᠡ ᠭᠡᠵᠤ

ᠥᠭ᠍‍ᠭᠢᠶᠡᠮᠦᠷ ᠶᠡᠭᠡ ᠪᠣᠶᠠᠨ ᠶᠢᠡᠷ ᠣᠴᠠᠷᠠᠭᠰᠠᠨ

ᠦᠮᠴᠢᠳᠤ ᠣᠯᠠᠨ ᠮᠠᠯ ᠢ ᠴᠢᠨᠢ ᠬᠤᠷᠢᠶᠠᠵᠤ

ᠥᠭᠡᠭᠦᠨ ᠳᠤᠰᠤᠯ ᠶᠢᠡᠷ ᠳᠠᠭᠢᠨᠠᠮ᠃

ᠰᠦᠮᠪᠦᠷ ᠠᠭᠤᠯᠠ ᠮᠠᠳᠤ ᠡᠪᠳᠡᠷᠡᠰᠢ ᠦᠭᠡᠶ

ᠪᠣᠶᠠᠨ ᠭᠡᠰᠢᠭ᠌ ᠢ ᠭᠤᠶᠤᠨᠠᠮ

ᠰᠦᠨ ᠳᠠᠯᠠᠢ ᠮᠠᠳᠤ ᠰᠢᠷᠭᠢᠰᠢ ᠦᠭᠡᠶ

ᠪᠣᠶᠠᠨ ᠭᠡᠰᠢᠭ᠌ ᠢ ᠭᠤᠶᠤᠨᠠᠮ

ᠦᠭ‍ᠭᠦᠭ᠍ᠰᠡᠨ ᠢ ᠮᠢᠨᠢ ᠲᠦᠯᠤᠵᠤ

ᠥᠭᠡᠢ᠌ᠷᠡᠭ᠍ᠰᠡᠨ ᠢ ᠮᠢᠨᠢ ᠪᠠᠶᠠᠵᠢᠭᠤᠯᠵᠤ

ᠪᠣᠶᠠᠨ ᠭᠡᠰᠢᠭ᠌ ᠢ ᠭᠤᠶᠤᠨᠠᠮ

ᠳᠤᠮᠳᠠ ᠶᠢ ᠨᠢ ᠳᠦᠭᠦᠷᠭᠡᠵᠤ

ᠳᠤᠳᠠᠭᠤ ᠶᠢ ᠮᠢᠨᠢ ᠭᠦᠢᠴᠡᠭᠡᠵᠤ

ᠪᠣᠶᠠᠨ ᠭᠡᠰᠢᠭ᠌ ᠢ ᠭᠤᠶᠤᠨᠠᠮ᠃

ᠭᠦᠪᠴᠢᠨ ᠳᠠᠶᠠᠭᠠᠷ ᠡᠩᠭᠡ ᠮᠠᠠᠳᠤ ᠵᠢᠷᠭᠠᠬᠤ

ᠪᠣᠶᠠᠨ ᠭᠡᠰᠢᠭ᠌ ᠢ ᠭᠤᠶᠤᠨᠠᠮ

ᠳᠠᠭᠤ ᠶᠡᠭᠡᠳᠤ ᠨᠤᠬᠠᠢ ᠶᠢᠨ

ᠰᠦᠷ ᠰᠦᠨᠠᠰᠤᠨ ᠢ ᠭᠤᠶᠤᠨᠠᠮ

ᠳᠠᠯ ᠶᠡᠭᠡᠳᠤ ᠠᠵᠢᠷᠭᠠᠨ ᠤ

ᠰᠦᠷ ᠰᠦᠨᠠᠰᠤᠨ ᠢ ᠭᠤᠶᠤᠨᠠᠮ

ᠳᠠᠯᠠᠩ ᠶᠡᠭᠡᠳᠤ ᠭᠡᠭᠦᠤ ᠦᠨᠢᠶᠠᠨ ᠤ

ᠰᠦᠷ ᠰᠦᠨᠠᠰᠤᠨ ᠢ ᠭᠤᠶᠤᠨᠠᠮ

ᠪᠠᠭᠳᠠᠷ ᠰᠠᠭᠠᠷᠢᠳᠤ ᠮᠤᠷᠢᠨ ᠤ

ᠰᠦᠷ ᠰᠦᠨᠠᠰᠤᠨ ᠢ ᠭᠤᠶᠤᠨᠠᠮ

ᠳᠠᠯᠳᠠᠷᠢᠭᠰᠠᠨ ᠳᠠᠭ᠎ᠠ ᠶᠢᠨ

ᠰᠦᠷ ᠰᠦᠨᠠᠰᠤᠨ ᠢ ᠭᠤᠶᠤᠨᠠᠮ

ᠡᠯᠳᠡᠷᠡᠭ᠍ᠰᠡᠨ ᠢᠰᠢᠭᠡᠨ ᠤ

ᠰᠦᠷ ᠰᠦᠨᠠᠰᠤᠨ ᠢ ᠭᠤᠶᠤᠨᠠᠮ

ᠪᠣᠯᠳᠠᠷᠢᠭᠰᠠᠨ ᠪᠢᠷᠠᠭᠤ ᠳᠤᠭᠤᠯ ᠤᠨ

ᠰᠦᠷ ᠰᠦᠨᠠᠰᠤᠨ ᠢ ᠭᠤᠶᠤᠨᠠᠮ

ᠳᠦᠭᠡᠷᠢᠭ᠍ᠰᠡᠨ ᠳᠡᠮᠡᠭᠡᠨ ᠤ

ᠰᠦᠷ ᠰᠦᠨᠠᠰᠤᠨ ᠢ ᠭᠤᠶᠤᠨᠠᠮ

ᠪᠣᠷᠤᠭᠤᠯᠠᠭᠰᠠᠨ ᠪᠣᠳᠤᠭᠤᠨ ᠤ

ᠰᠦᠷ ᠰᠦᠨᠠᠰᠤᠨ ᠢ ᠭᠤᠶᠤᠨᠠᠮ᠃

ᠪᠣᠶᠠᠨ ᠭᠡᠰᠢᠭ᠌

ᠬᠤᠷᠤᠢ ︕ ᠬᠤᠷᠤᠢ ︕ ᠬᠤᠷᠤᠢ ︕

ᠪᠠᠯᠭᠡ ᠪᠢᠯᠢᠭ᠌ ᠤᠨ ᠬᠤᠳᠤᠭ ᠢ

ᠪᠠᠷᠠᠭᠤᠨ ᠡᠳᠡᠭᠡᠳ ᠡᠴᠡ ᠭᠤᠶᠤᠨᠠᠮ

ᠣᠷᠳᠤ ᠨᠠᠰᠤᠨ ᠤ ᠬᠤᠳᠤᠭ ᠢ

ᠵᠡᠭᠦᠨ ᠡᠳᠡᠭᠡᠳ ᠡᠴᠡ ᠭᠤᠶᠤᠨᠠᠮ

ᠪᠠᠷᠠᠭᠤᠨ ᠡᠳᠡᠭᠡᠳ ᠡᠴᠡ

ᠪᠠᠷ᠎ᠠ ᠬᠤᠯᠠ ᠶᠢᠨ ᠭᠠᠵᠠᠷ ᠡᠴᠡ

ᠬᠤᠨᠢᠨ ᠤ ᠪᠣᠶᠠᠨ ᠭᠡᠰᠢᠭ᠌ ᠢ ᠭᠤᠶᠤᠨᠠᠮ᠃

ᠡᠮᠦᠨ᠎ᠡ ᠵᠥᠭ᠌ ᠤᠨ ᠳᠠᠯᠠᠢ ᠯᠠᠮᠠ ᠶᠢᠨ ᠳᠠᠠᠳᠠ ᠡᠴᠡ

ᠡᠳ᠋ ᠳᠠᠸᠠᠷ ᠤᠨ ᠪᠣᠶᠠᠨ ᠭᠡᠰᠢᠭ᠌ ᠢ ᠭᠤᠶᠤᠨᠠᠮ᠃

ᠪᠢᠰᠠᠮᠠᠨ ᠳᠡᠭ᠍ᠷᠢ ᠶᠢᠨ ᠡᠷᠳᠡᠨᠢ ᠶᠢᠨ

ᠬᠤᠯᠤᠭᠠᠨ᠎ᠠ ᠶᠢᠨ ᠠᠮᠠᠨ ᠡᠴᠡ ᠪᠠᠭᠤᠬᠤ

ᠪᠠᠶᠠᠨ ᠭᠡᠰᠢᠭ᠌ ᠢ ᠭᠤᠶᠤᠨᠠᠮ᠃

ᠸᠴᠢᠷ ᠴᠢᠠᠳᠠᠮᠤᠨᠢ ᠮᠠᠳᠤ ᠠᠴᠢ ᠦᠷ᠎ᠡ ᠶᠢᠨ

ᠪᠣᠶᠠᠨ ᠭᠡᠰᠢᠭ᠌ ᠢ ᠭᠤᠶᠤᠨᠠᠮ

ᠰᠦᠨ ᠳᠠᠯᠠᠢ ᠮᠠᠳᠤ ᠳᠦᠭᠦᠷᠳᠦᠭᠡᠢ

ᠰᠦᠮᠪᠦᠷ ᠠᠭᠤᠯᠠ ᠮᠠᠳᠤ ᠰᠡᠭᠦᠢᠳᠦᠭᠡᠢ

ᠬᠤᠷᠤᠢ ︕ ᠬᠤᠷᠤᠢ ︕ ᠬᠤᠷᠤᠢ ︕

ᠠᠮᠢ ᠨᠠᠰᠤᠨ ᠤ ᠭᠡᠰᠢᠭ᠌ ᠢ ᠰᠤᠶᠤᠷᠬ᠎ᠠ

ᠠᠳᠠᠯ ᠮᠠᠯ ᠤᠨ ᠭᠡᠰᠢᠭ᠌ ᠰᠤᠶᠤᠷᠬ᠎ᠠ

ᠠᠮᠤᠷ ᠰᠠᠢ᠌ᠨ ᠤ ᠭᠡᠰᠢᠭ᠌ ᠢ ᠰᠤᠶᠤᠷᠬ᠎ᠠ

ᠡᠷᠳᠡᠮ ᠨᠤᠮ ᠤᠨ ᠭᠡᠰᠢᠭ᠌ ᠢ ᠰᠤᠶᠤᠷᠬ᠎ᠠ

ᠡᠷᠭᠢᠮ ᠴᠤᠬᠠᠭ ᠭᠡᠰᠢᠭ᠌ ᠢ ᠰᠤᠶᠤᠷᠬ᠎ᠠ

ᠡᠩᠭᠡ ᠮᠥᠩᠭᠡ ᠶᠢᠨ ᠭᠡᠰᠢᠭ᠌ ᠢ ᠰᠤᠶᠤᠷᠬ᠎ᠠ

ᠬᠤᠷᠤᠢ ︕ ᠬᠤᠷᠤᠢ ︕ ᠬᠤᠷᠤᠢ ︕

ᠠᠮᠢ ᠨᠠᠰᠤ ᠠᠭᠤᠯᠠ ᠮᠠᠳᠤ

    ᠪᠠᠳᠤ ᠪᠣᠯᠳᠤᠭᠠᠢ ︕

ᠠᠳᠤᠭᠤ ᠮᠠᠯ ᠣᠳᠤ ᠮᠠᠳᠤ

    ᠣᠯᠠᠨ ᠪᠣᠯᠳᠤᠭᠠᠢ ︕

ᠠᠷᠪᠢᠨ ᠭᠡᠰᠢᠭ᠌ ᠳᠠᠯᠠᠢ ᠮᠠᠳᠤ

    ᠭᠦᠨ ᠪᠣᠯᠳᠤᠭᠠᠢ ︕

ᠠᠯᠳᠠᠷ ᠰᠦᠯᠳᠡ ᠮᠥᠩᠭᠡ

    ᠳᠦᠭᠡᠮᠡᠯ ᠪᠣᠯᠳᠤᠭᠠᠢ ︕

ᠦᠯᠵᠡᠢ ᠬᠤᠳᠤᠭ ᠣᠷᠤᠰᠢᠬᠤ

    ᠪᠣᠯᠳᠤᠭᠠᠢ ︕

ᠪᠣᠶᠠᠨ ᠭᠡᠰᠢᠭ᠌

ᠬᠤᠷᠤᠢ ︕ ᠬᠤᠷᠤᠢ ︕ ᠬᠤᠷᠤᠢ ︕

ᠪᠣᠶᠠᠨ ᠭᠡᠰᠢᠭ᠌

ᠬᠤᠷᠤᠢ ︕ ᠬᠤᠷᠤᠢ ︕ ᠬᠤᠷᠤᠢ ︕

ᠪᠣᠶᠠᠨ ᠭᠡᠰᠢᠭ᠌

ᠬᠤᠷᠤᠢ ︕ ᠬᠤᠷᠤᠢ ︕ ᠬᠤᠷᠤᠢ ︕


ᠵᠤᠬᠢᠶᠠᠭᠴᠢ ᠶᠢᠨ ᠬᠠ‍‌ᠶᠢᠭ ᠄ ᠵᠠᠷᠤᠳ ᠬᠤᠰᠢᠭᠤ

ᠵᠤᠬᠢᠶᠠᠭᠴᠢ᠄ ᠰᠠᠷᠵᠢᠮ᠎ᠠ ᠨᠠᠢ᠌ᠷᠠᠭᠤᠯᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7421
ᠴᠠᠭ᠄ 2011 ᠤᠨ ᠤ 01 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ