ᠨᠡᠪᠲᠡᠷᠡᠨ ᠤᠷᠤᠬᠤ
ᠮᠢᠨᠤ ᠭᠦᠳᠡᠭᠡ

ᠥᠯᠢᠭᠡᠷ ᠶᠢᠡᠷ ᠪᠢᠰᠢ

ᠳᠠᠭᠤᠤ ᠪᠠᠷ ᠣᠶᠠᠩᠭ᠋ᠠᠷᠠᠵᠤ

ᠥᠭᠡ ᠪᠠᠷ ᠪᠢᠰᠢ

ᠰᠢᠯᠦᠭ᠌ ᠶᠢᠡᠷ ᠠᠮᠢᠯᠠᠳᠠᠭ

ᠮᠢᠨᠤ ᠭᠦᠳᠡᠭᠡ

ᠳᠡᠦᠭᠡ ᠪᠠᠷ ᠪᠢᠰᠢ

ᠳᠤᠮᠤᠭ ᠶᠢᠡᠷ ᠭᠦᠦᠷᠨᠢᠭ᠍ᠳᠡᠵᠤ

ᠳᠠᠢ᠌ᠨ ᠶᠢᠡᠷ ᠪᠢᠰᠢ

ᠳᠠᠢ᠌ᠪᠣᠩ ᠶᠢᠡᠷ ᠠᠮᠤᠷᠵᠢᠳᠠᠭ

ᠮᠢᠨᠤ ᠭᠦᠳᠡᠭᠡ

ᠦᠳᠡᠰᠢ ᠪᠠᠷ ᠪᠢᠰᠢ

ᠦᠷ ᠶᠢᠡᠷ ᠨᠠᠯᠠᠷᠠᠵᠤ

ᠥᠵᠦᠭ᠌ ᠶᠢᠡᠷ ᠪᠢᠰᠢ

ᠪᠣᠳᠤᠭ ᠶᠢᠡᠷ ᠵᠢᠷᠤᠭᠳᠠᠳᠠᠭ

ᠮᠢᠨᠤ ᠭᠦᠳᠡᠭᠡ

ᠰᠠᠷᠬᠤᠤᠨ ᠶᠢᠡᠷ ᠪᠢᠰᠢ

ᠰᠠᠭᠠᠯᠢ ᠪᠠᠷ ᠴᠠᠯᠭᠢᠵᠤ

ᠰᠠᠨᠠᠭ᠎ᠠ ᠪᠠᠷ ᠪᠢᠰᠢ

ᠵᠠᠶᠠᠭ᠎ᠠ ᠪᠠᠷ ᠥᠶᠡᠯᠵᠡᠳᠡᠭ᠌

ᠮᠢᠨᠤ ᠭᠦᠳᠡᠭᠡ

ᠰᠥᠷᠦᠭ᠌ ᠤᠨ ᠰᠠᠢ᠌ᠬᠠᠨ

ᠰᠢᠮ᠎ᠠ ᠪᠠᠷ ᠪᠢᠯᠬᠠᠷᠠᠵᠤ

ᠰᠥᠵᠦᠭ᠌ ᠤᠨ ᠳᠡᠭᠡᠳᠤ

ᠰᠢᠳᠦᠭᠡᠨ ᠶᠢᠡᠷ ᠳᠠᠨᠢᠭᠳᠠᠭᠰᠠᠨ

ᠮᠢᠨᠤ ᠭᠦᠳᠡᠭᠡ

ᠠᠷᠬᠠᠢ᠌ᠵᠤ ᠪᠠᠯᠴᠢᠭ᠍ᠰᠡᠨ

ᠠᠳᠤᠭᠤ ᠪᠠᠷ ᠠᠯᠠᠭᠰᠢᠵᠤ

ᠠᠭᠤᠳᠠᠮ ᠰᠠᠷᠠᠭᠤᠯ

ᠳᠠᠯ᠎ᠠ ᠪᠠᠷ ᠶᠢᠡᠨ ᠠᠯᠳᠠᠷᠰᠢᠭᠰᠠᠨ

ᠮᠢᠨᠤ ᠭᠦᠳᠡᠭᠡ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 02 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ