☆ ᠴ·ᠪᠠᠶᠠᠰᠤᠯ
ᠮᠢᠨᠤ ᠪᠣᠳᠤᠷᠤᠤᠯ
ᠲ᠋ᠡᠦᠭᠡ ᠶᠢᠨ ᠭᠦᠷᠳᠤ ᠡᠷᠭᠢᠯᠳᠤᠨ ᠪᠦᠮᠪᠦᠷᠢᠭ᠍ᠰᠡᠭᠡᠷ
ᠴᠠᠭ ᠦᠶ᠎ᠡ ᠬᠤᠪᠢᠷᠠᠳᠠᠭ ᠶᠤᠮ ᠪᠠᠢ᠌ᠨ᠎ᠠ
ᠲ᠋ᠡᠭ᠍ᠷᠢ ᠶᠢᠨ ᠵᠠᠷᠯᠢᠭ ᠭᠠᠵᠠᠷ ᠲᠠᠭᠠᠨ ᠪᠠᠭᠤᠳᠠᠯ᠎ᠠ
ᠰᠠᠭᠠᠤᠨ ᠳᠤᠤᠠᠬᠠᠷ ᠲᠤ ᠣᠴᠠᠷᠠᠳᠠᠭ ᠶᠤᠮ ᠪᠠᠢ᠌ᠨ᠎ᠠ
ᠲ᠋ᠡᠭᠦᠨ ᠤ ᠳᠤᠮᠳᠠ ᠡᠴᠡ ᠴᠢᠦᠡᠭᠦᠷ ᠰᠢᠮᠨᠤᠰ
ᠴᠢᠨᠡᠭᠡ ᠮᠠᠳᠠᠨ ᠵᠠᠪᠰᠢᠳᠠᠭ ᠶᠤᠮ ᠪᠠᠢ᠌ᠨ᠎ᠠ
ᠲ᠋ᠡᠭᠡᠭᠡᠤᠨ ᠭᠦᠭᠡᠷᠦᠭᠦᠢ ᠳᠦᠪᠠᠭ᠍ᠳᠡᠭ᠍ᠰᠡᠨ ᠣᠯᠠᠨ ᠨᠢ
ᠰᠡᠭᠦᠷᠡᠰᠤ ᠠᠯᠳᠠᠨ ᠭᠠᠴᠢᠭᠳᠠᠳᠠᠭ ᠶᠤᠮ ᠪᠠᠢ᠌ᠨ᠎ᠠ
ᠠᠶᠤᠩᠭ᠋᠎ᠠ ᠨᠢᠵᠢᠭᠢᠨᠠᠵᠤ ᠴᠠᠭᠢᠯᠭᠠᠨ ᠭᠢᠯᠪᠠᠭᠠᠤᠨ
ᠲ᠋ᠡᠭ᠍ᠷᠢ ᠰᠤᠮᠤ ᠪᠠᠨ ᠬᠠᠷᠪᠣᠭᠰᠠᠨ ᠴᠤ
ᠠᠷᠭ᠎ᠠ ᠵᠠᠯᠢ ᠲᠡᠶ ᠠᠪᠯᠢᠭᠠᠴᠢ ᠱᠤᠯᠤᠮ ᠤᠳ
ᠲ᠋ᠤᠳᠠᠭᠠᠨ ᠵᠠᠢ᠌ᠯᠠᠵᠤ ᠪᠣᠯᠳᠠᠭᠰᠠᠭᠠᠷ ᠪᠠᠢ᠌ᠨ᠎ᠠ
ᠠᠯᠢ ᠡᠳᠦᠷ ᠳᠡᠳᠡᠭᠡᠷ ᠱᠤᠯᠤᠮ ᠤᠳ ᠊ᠢ
ᠲ᠋ᠠᠷᠤᠨ ᠱᠥᠭᠦᠷᠳᠡᠵᠤ ᠠᠷᠢᠯᠭᠠᠭᠠᠤᠨ
ᠠᠮᠢᠳᠠᠨ ᠭᠤᠤᠯᠳᠠᠨ ᠪᠠᠶᠠᠰᠬᠤ ᠪᠣᠯ ᠭᠡᠵᠤ
ᠲᠦᠮᠡᠨ ᠢᠷᠭᠡᠤᠨ ᠭᠦᠰᠡᠭ᠍ᠰᠡᠭᠡᠷ ᠪᠠᠢ᠌ᠨ᠎ᠠ
ᠦᠨᠳᠦᠷ ᠭᠦᠭᠡ ᠳᠡᠭ᠍ᠷᠢ ᠮᠢᠨᠢ ᠡ
ᠨᠢᠭᠦᠯ ᠢ ᠠᠷᠢᠯᠭᠠᠵᠤ ᠦᠭᠭᠦᠭᠡᠴᠢ ᠳ᠋ᠠ
ᠥᠷᠯᠦᠭ᠌ ᠶᠡᠭᠡ ᠳᠡᠭᠡᠳᠦᠰ ᠮᠢᠨᠢ ᠡ
ᠨᠢᠳᠤ ᠪᠠᠨ ᠨᠡᠭᠡᠭᠡᠤᠨ ᠬᠠᠷᠠᠭᠠᠴᠢ ᠳ᠋ᠠ
ᠥᠷᠭᠡᠨ ᠠᠭᠤᠳᠠᠮ ᠭᠡᠭᠡᠷ᠎ᠡ ᠳᠠᠯ᠎ᠠ ᠴᠢᠨᠢ
ᠥᠭᠡᠳᠡᠰᠤ ᠪᠣᠯᠳᠠᠯ᠎ᠠ ᠰᠡᠭ᠍ᠴᠢᠭ᠍ᠳᠡᠭ᠍ᠰᠡᠨ ᠰᠢᠤ
ᠦᠨᠢᠷ ᠪᠠᠯᠴᠢᠳᠡᠭ᠌ ᠶᠡᠭᠡ ᠰᠥᠷᠦᠭ᠌ ᠴᠢᠨᠢ
ᠥᠳᠲᠡᠷ ᠴᠥᠭᠡᠭᠡᠷᠡᠵᠤ ᠰᠠᠷᠨᠢᠭᠰᠠᠨ ᠰᠢᠤ
ᠦᠢ᠌ ᠣᠯᠠᠨ ᠮᠤᠩᠭ᠋ᠤᠯᠴᠤᠳ ᠴᠢᠨᠢ ᠯᠠ
ᠥᠭᠡ ᠳᠠᠭᠤ ᠦᠭᠡᠶ ᠭᠦᠯᠢᠶᠡᠭ᠍ᠰᠡᠭᠡᠷ ᠡ ᠁
ᠵᠤᠬᠢᠶᠠᠭᠴᠢ᠄ ᠴ·ᠪᠠᠶᠠᠰᠤᠯ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3073
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ