☆ ᠪᠠᠶᠠᠭᠤᠳ·ᠳᠡᠭᠦᠦᠵᠡᠶᠠᠭ᠎ᠠ
ᠳᠠ ᠦᠭᠡᠶ ᠪᠢ ᠪᠣᠯᠬᠤ ᠥᠭᠡᠢ
ᠳᠠ ᠦᠭᠡᠶ ᠪᠢ ᠪᠣᠯᠬᠤ ᠥᠭᠡᠢ
ᠥᠳᠡᠯᠦᠭᠡᠳ ᠬᠠᠷᠠᠭ᠎ᠠ ᠮᠢᠨᠢ ᠮᠠᠭᠤᠳᠠᠬᠤ ᠳ᠋ᠤ
ᠡᠭᠦᠳᠡᠨ ᠳᠤ ᠢᠷᠠᠵᠤ ᠴᠢ ᠨᠠᠳᠠᠳᠤ ᠨᠢᠳᠤ ᠪᠣᠯᠤᠭᠰᠠᠨ
ᠥᠨᠡᠨᠳᠡᠭᠡᠨ ᠴᠢᠮ᠎ᠠ ᠶᠢ ᠦᠭᠡᠶ ᠳ᠋ᠤ
ᠥᠵᠡᠭ᠍ᠳᠡᠭᠦ ᠶᠠᠭᠤᠮ᠎ᠠ ᠨᠠᠳᠠᠳᠤ ᠮᠤᠩ ᠥᠭᠡᠢ
ᠭᠦᠭᠡᠷᠡᠨ ᠴᠡᠩᠭᠡᠷᠯᠡᠭ᠍ᠰᠡᠨ ᠳᠠᠷᠢᠶ᠎ᠠ
ᠭᠦᠳᠡᠭᠡ ᠳᠤ ᠪᠠᠯᠴᠢᠭ᠍ᠰᠡᠨ ᠮᠠᠯ ᠰᠦᠷᠦᠭ᠌
ᠳᠠᠨᠠᠨ ᠴᠠᠭᠠᠨ ᠮᠠᠩᠬ᠎ᠠ
ᠳᠸᠯᠸᠢᠰ ᠳᠡᠭᠡᠷᠡᠭᠢ ᠵᠢᠷᠤᠭ
ᠳᠠᠷᠠ ᠲᠡᠶ ᠳᠠᠷᠠ ᠥᠭᠡᠢ
ᠳᠤᠮᠤ ᠳᠤᠮᠤ ᠶᠠᠭᠤᠮᠠᠰ ᠪᠦᠷ ᠳᠤᠳᠤᠷᠬᠠᠢ ᠥᠵᠡᠭ᠍ᠳᠡᠨ᠎ᠡ᠂
ᠭᠠᠭᠴᠠ ᠭᠦ ᠮᠢᠨᠤ ᠠᠮᠢᠨ ᠳᠡᠵᠢᠭᠡᠯ ᠪᠣᠯᠤᠭᠰᠠᠨ
ᠭᠠᠷ ᠡᠴᠠ ᠭᠦᠳᠦᠯᠵᠤ ᠵᠠᠮ ᠳᠤ ᠣᠷᠤᠭᠤᠯᠤᠭᠰᠠᠨ
ᠭᠠᠠᠵᠤᠭ᠎ᠠ ᠠᠳᠬᠤᠭᠤᠯᠵᠤ ᠳᠦᠷᠦᠭᠡ ᠭᠢᠰᠭᠢᠭᠦᠯᠦᠭ᠍ᠰᠡᠨ
ᠭᠠᠯᠠᠪ ᠢ ᠳᠠᠨᠢᠭᠤᠯᠵᠤ ᠣᠷᠴᠢᠯᠠᠩ ᠳᠤᠭᠤᠷᠢᠭᠤᠯᠤᠭᠰᠠᠨ
ᠭᠠᠩᠳᠠᠮᠠᠯ ᠣᠶᠤᠨ ᠢ ᠣᠮᠳᠠᠯᠠᠵᠤ ᠣᠰᠤᠯᠠᠭᠰᠠᠨ
ᠭᠠᠨᠢ ᠯᠠ ᠮᠢᠨᠤ ᠥᠰᠦᠭ᠌ ᠪᠢᠴᠢᠭ᠌ ᠡᠷᠢᠶᠡᠪᠦᠷ ᠬᠤᠷᠢᠶᠠᠪᠣᠷ ᠬᠠᠷᠠᠭᠳᠠᠨ᠎ᠠ᠃
ᠳᠠᠢ᠌ᠮᠤ ᠪᠣᠯᠬᠤᠷ ᠪᠢ ᠦᠭᠡᠶ ᠳᠠ ᠪᠣᠯᠪᠠᠴᠤ
ᠳᠠ ᠦᠭᠡᠶ ᠪᠢ ᠪᠣᠯᠬᠤ ᠥᠭᠡᠢ
ᠳᠠ ᠦᠭᠡᠶ ᠪᠣᠯ ᠪᠢ ᠳᠠᠷ ᠶᠢᠡᠨ ᠪᠠᠷᠠᠳᠠᠯ᠎ᠠ ᠡᠷᠢᠨ᠎ᠡ᠂
ᠳᠠᠯᠪᠢᠭᠰᠠᠨ ᠪᠠᠷᠢᠭᠰᠠᠨ ᠶᠢᠡᠨ ᠣᠯᠬᠤ ᠦᠭᠡᠶ ᠰᠠᠠᠳᠤᠷᠤᠨᠠ
ᠡᠪᠦᠭᠡᠨ ᠬᠡᠦᠬᠡᠳ ᠲᠡᠶ ᠪᠦᠭᠦᠳᠡᠭᠡᠷ ᠠᠪᠠ ᠳᠤ ᠭᠠᠷᠤᠨ᠎ᠠ᠂
ᠡᠨᠡ ᠳᠠᠷᠠ ᠪᠠᠨ ᠣᠷᠪᠠᠭᠤᠯᠤᠭᠠᠤᠨ ᠰᠣᠢ᠌ᠤᠨ ᠪᠣᠯᠤᠨ᠎ᠠ᠃
ᠳᠠᠢ᠌ᠮᠤ ᠪᠣᠯᠬᠤᠷ ᠴᠢ ᠦᠭᠡᠶ ᠪᠢ ᠪᠣᠯᠬᠤ ᠦᠭᠡᠶ᠂
ᠰᠢᠷᠡᠭᠡᠨ ᠡᠴᠠ ᠴᠢ ᠬᠤᠯᠠᠳᠠᠵᠤ ᠪᠣᠯᠬᠤ ᠦᠭᠡᠶ᠂
ᠴᠢᠭᠢᠨ ᠡᠴᠠ ᠴᠢ ᠵᠠᠢ᠌ᠳᠠᠵᠤ ᠪᠣᠯᠬᠤ ᠦᠭᠡᠶ᠂
ᠦᠷᠦᠭᠡᠰᠤᠨ ᠭᠠᠷ ᠡᠴᠠ ᠴᠢ ᠪᠣᠯᠳᠠᠵᠤ ᠪᠣᠯᠬᠤ ᠦᠭᠡᠶ᠂
ᠥᠵᠡᠭᠦ ᠨᠢᠳᠤᠨ ᠡᠴᠠ ᠴᠢ ᠰᠠᠯᠵᠤ ᠪᠣᠯᠬᠤ ᠦᠭᠡᠶ᠂
ᠡᠭᠦᠷᠦᠭ᠍ᠰᠡᠨ ᠪᠣᠭᠴᠤᠨ ᠡᠴᠠ ᠴᠢ ᠭᠠᠷᠴᠤ ᠪᠣᠯᠬᠤ ᠦᠭᠡᠶ᠂
ᠡᠷᠢᠭᠦᠯᠤᠨᠡ ᠭᠡᠵᠤ ᠴᠢ ᠨᠢᠭᠤᠵᠤ ᠪᠣᠯᠬᠤ ᠦᠭᠡᠶ᠃
ᠴᠢᠮ᠎ᠠ ᠶᠢ ᠦᠭᠡᠶ ᠪᠣᠯ ᠪᠢ ᠰᠤᠬᠤᠷ ᠪᠣᠯᠤᠨ᠎ᠠ
ᠰᠠᠨᠠᠭᠰᠠᠨ ᠪᠣᠳᠤᠭᠰᠠᠨ ᠶᠢᠡᠨ ᠣᠯᠵᠤ ᠣᠩᠰᠢᠬᠤ ᠦᠭᠡᠶ ᠰᠠᠭᠠᠤᠨ ᠪᠣᠯᠤᠨ᠎ᠠ
ᠴᠠᠭ ᠮᠦᠴᠡ ᠪᠠᠨ ᠳᠠᠯᠠᠭᠠᠷ ᠪᠠᠷᠠᠭᠠᠤᠨ ᠬᠤᠭᠤᠰᠤᠨ ᠪᠣᠯᠤᠨ᠎ᠠ
ᠴᠠᠭᠠᠨᠠᠭᠢ ᠨᠠᠭᠠᠨᠠᠭᠢ ᠶᠠᠭᠤᠮ᠎ᠠ ᠶᠢ ᠮᠡᠳᠡᠭᠦ ᠦᠭᠡᠶ ᠳᠡᠨᠡᠭ᠌ ᠪᠣᠯᠤᠨ᠎ᠠ ᠁
ᠵᠤᠬᠢᠶᠠᠭᠴᠢ ᠶᠢᠨ ᠬᠠᠶᠢᠭ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠠᠳᠤᠭᠤᠴᠢᠨ ᠰᠤᠮᠤ ᠶᠢᠨ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ·ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ