☆ ᠨᠣ᠊·ᠴᠢᠯᠠᠭᠤᠠᠪᠠᠭᠠᠨ᠎ᠠ
ᠬᠠᠭᠤᠷᠠᠢ ᠭᠤᠤᠯ ᠤᠨ ᠦᠶᠡᠷ
ᠬᠠᠭᠤᠷᠠᠢ ᠭᠤᠤᠯ ᠥᠶᠡᠷᠯᠡᠴᠢᠭᠡᠯᠡ ᠭᠡᠵᠤ
ᠵᠡᠭᠦᠳᠤᠨ ᠵᠥᠭ᠌ ᠤᠨ ᠶᠡᠭᠡ ᠣᠰᠤᠨ
ᠵᠢᠷᠦᠭᠡᠨ ᠳᠡᠭᠡᠭᠦᠷ ᠱᠤᠤᠭᠢᠨ᠎ᠠ᠃
ᠬᠠᠭᠰᠠᠭᠰᠠᠨ ᠴᠢᠯᠠᠭᠤᠨ ᠤ ᠣᠰᠭᠤᠷᠳᠠᠯ ᠢᠯᠪᠢᠵᠤ
ᠨᠠᠷᠠᠨ ᠵᠥᠭ᠌ ᠤᠨ ᠡᠭᠦᠯᠡᠰ ᠡᠴᠠ
ᠨᠠᠮᠢᠷᠠᠭ᠎ᠠ ᠬᠤᠷ᠎ᠠ ᠭᠤᠶᠤᠬᠤ
ᠮᠢᠨᠤ ᠮᠢᠩᠭ᠋ᠠᠨ ᠠᠳᠤᠭᠤᠳ ᠤᠨ
ᠳᠤᠭᠤᠷᠠᠢ ᠨᠢ ᠳᠠᠪᠳᠠᠵᠤ
ᠭᠠᠵᠠᠷ ᠰᠢᠷᠤᠢ ᠪᠠᠨ
ᠭᠠᠮᠨᠠᠵᠤ ᠳᠤᠰᠤᠨ᠎ᠠ᠃
ᠨᠠᠷᠠᠨ ᠶᠢᠡᠷ ᠡᠭ᠍ᠰᠢᠳᠡᠭ᠌ ᠰᠢᠭᠦᠳᠡᠷᠢ ᠶᠢᠨ
ᠨᠠᠪᠴᠢᠨ ᠳᠤ ᠬᠤᠨᠤᠭᠰᠠᠨ ᠬᠠᠢ᠌ᠷ᠎ᠠ ᠳᠡᠭᠦᠵᠤ
ᠰᠠᠭᠠᠯᠢ ᠶᠢᠨ ᠦᠨᠦᠷᠳᠠᠢ ᠬᠤᠷᠮᠤᠢ ᠳᠠᠷᠪᠠᠨᠡ
ᠰᠠᠢ᠌ᠨ ᠣᠨᠤᠭ᠎ᠠ ᠲᠡᠶ ᠠᠳᠤᠭᠤᠴᠢᠨ ᠢᠰᠭᠢᠷᠤᠨᠡ᠃
ᠶᠡᠭᠡ ᠣᠰᠤᠨ ᠤ ᠴᠢᠮᠡᠭᠡ ᠳᠠᠳᠠᠭᠤᠷᠠᠵᠤ᠂
ᠢᠩᠭᠡᠨ ᠳᠡᠮᠡᠭᠡᠨ ᠤ ᠪᠦᠭᠡ ᠬᠤᠭᠤᠷᠠᠵᠤ᠂
ᠬᠠᠮᠤᠭ ᠡᠴᠦᠰ ᠤᠨ ᠨᠢᠭᠡ ᠳᠤᠰᠤᠯ
ᠣᠰᠤᠨ ᠢ ᠬᠠᠷᠠᠬᠤ ᠦᠭᠡᠶ ᠭᠡᠵᠤ
ᠬᠠᠭᠤᠷᠠᠢ ᠭᠤᠤᠯ ᠳᠤ ᠨᠣᠢ᠌ᠳᠠᠨ ᠵᠠᠯᠪᠢᠷᠠᠨ᠎ᠠ ᠪᠢ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠵᠡᠭᠦᠨ ᠪᠠᠭᠠᠷᠢᠨ
ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 11 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ