ᠨᠡᠪᠲᠡᠷᠡᠨ ᠤᠷᠤᠬᠤ
ᠣᠩᠨᠢᠭᠤᠳ ᠤᠨ ᠳᠡᠭ᠍ᠷᠢ ᠳᠠᠭᠢᠬᠤ ᠵᠠᠩᠰᠢᠯ

ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠥᠷᠯᠦᠭᠡ ᠡᠷᠳᠡ᠂ ᠣᠩᠨᠢᠭᠤᠳ ᠤᠨ ᠭᠢᠨ ᠴᠤᠯᠮᠤᠨ ᠳᠡᠭ᠍ᠳᠡᠭᠦ ᠦᠶ᠎ᠡ ᠪᠠᠷ ᠭᠡᠷ ᠤᠨ ᠡᠵᠡᠨ ᠨᠢ ᠪᠦᠭᠦ ᠭᠡᠷ ᠤᠨ ᠭᠦᠮᠦᠰ ᠶᠢᠡᠨ ᠳᠠᠭᠠᠭᠤᠯᠵᠤ ᠳᠡᠭ᠍ᠷᠢ ᠳᠠᠭᠢᠬᠤ ᠭᠠᠵᠠᠷ ᠶᠢᠡᠨ ᠴᠤᠭᠯᠠᠷᠠᠨ᠎ᠠ᠃ ᠳᠡᠭ᠍ᠷᠢ ᠳᠠᠭᠢᠬᠤ ᠰᠢᠷᠤᠢ ᠶᠢᠨ ᠣᠪᠣᠭ᠎ᠠ ᠪᠣᠰᠬᠠᠨ ᠳᠡᠭᠦᠨ ᠤ ᠪᠠᠨ ᠬᠣᠢ᠌ᠳᠤ ᠳᠠᠯ᠎ᠠ ᠳᠤ ᠳᠡᠭ᠍ᠷᠢ ᠳᠤ ᠶᠠᠭᠤᠮ᠎ᠠ ᠰᠢᠳᠠᠭᠠᠬᠤ ᠰᠢᠳᠠᠭᠠᠯᠭ᠎ᠠ ᠶᠢᠨ ᠲᠦᠯᠡᠰᠢ ᠪᠠᠨ ᠬᠤᠭᠤᠴᠠᠵᠤ ᠣᠪᠣᠭᠠᠯᠠᠵᠤ ᠨᠤᠴᠤᠭᠠᠬᠤ ᠪᠠᠷ ᠪᠡᠯᠡᠳᠭᠡᠵᠤ ᠳᠠᠯᠪᠢᠨ᠎ᠠ᠃ ᠳᠡᠭᠦᠨ ᠤ ᠠᠷᠤ ᠳᠤ ᠳᠦᠷᠪᠡᠯᠵᠢᠨ ᠰᠢᠷᠡᠭ᠍ᠡᠨ ᠳᠡᠭᠡᠷ᠎ᠡ ᠴᠠᠢ᠂ ᠬᠠᠷ᠎ᠠ ᠢᠮᠠᠭᠠᠨ ᠣᠭᠤᠴᠠ᠂ ᠠᠮᠤᠰᠤᠨ ᠪᠣᠳᠠᠭ᠎ᠠ᠂ ᠣᠯᠠᠭᠴᠢ ᠦᠨᠢᠶᠠᠨ ᠰᠥ᠋᠂ ᠳᠡᠭ᠍ᠷᠢ ᠳᠠᠭᠢᠬᠤ ᠬᠠᠭᠠᠷᠢᠭᠰᠠᠨ ᠪᠣᠤᠪᠣ ᠵᠡᠷᠭᠡ ᠶᠢ ᠳᠠᠪᠠᠭ᠂ ᠠᠶᠠᠭ᠎ᠠ ᠵᠡᠷᠭᠡ ᠳᠤ ᠰᠠᠪᠠᠯᠠᠵᠤ ᠳᠠᠯᠪᠢᠨ᠎ᠠ᠃ ᠣᠪᠣᠭ᠎ᠠ ᠶᠢᠨ ᠣᠷᠤᠢ ᠳᠡᠭᠡᠷ᠎ᠡ ᠱᠸᠩ ᠲᠡᠶ ᠮᠤᠩᠭ᠋ᠤᠯ ᠬᠤᠷᠤᠳ ᠳᠤᠰᠤ᠂ ᠬᠠᠷ᠎ᠠ ᠠᠷᠢᠭᠢ᠂ ᠬᠠᠷ᠎ᠠ ᠠᠮᠤ ᠶᠢ ᠳᠡᠭ᠍ᠰᠢᠭᠡᠨ ᠲ᠋ᠡᠯᠪᠢᠵᠤ᠂ ᠱᠸᠩ ᠤᠨ ᠳᠦᠷᠪᠡᠨ ᠥᠡᠴᠦᠭ᠌ ᠳᠤᠳᠤᠷ᠎ᠠ ᠳᠦᠷᠪᠡᠨ ᠪᠠᠭᠴᠠ ᠭᠦᠵᠢ ᠶᠢ ᠣᠩᠭ᠋ᠠᠰᠬᠠᠵᠤ ᠳᠠᠯᠪᠢᠨ᠎ᠠ᠃ ᠰᠢᠷᠡᠭᠡ ᠶᠢᠨ ᠥᠡᠴᠦᠭ᠌ ᠳᠡᠭᠡᠷ᠎ᠡ ᠱᠠᠩᠯᠤ ᠳᠤᠳᠤᠷ᠎ᠠ ᠭᠦᠵᠢ ᠠᠷᠴᠠ ᠶᠢ ᠣᠩᠭ᠋ᠠᠰᠬᠠᠵᠤ᠂ ᠭᠦᠵᠢ ᠪᠠᠷ ᠲ᠋ᠠᠭᠢᠯᠭ᠎ᠠ ᠶᠢᠨ ᠣᠪᠣᠭ᠎ᠠ᠂ ᠰᠢᠳᠠᠭᠠᠯᠭ᠎ᠠ ᠶᠢᠨ ᠲᠦᠯᠡᠰᠢ᠂ ᠳᠠᠭᠢᠯᠭ᠎ᠠ ᠶᠢᠨ ᠪᠣᠳᠠᠰ ᠶᠢᠡᠨ ᠠᠷᠭᠤᠤᠠᠬᠠᠨ᠎ᠠ᠃ ᠴᠥᠭᠦᠴᠡ ᠲᠡᠶ ᠵᠤᠯᠠ ᠶᠢ ᠰᠢᠷᠤᠢ ᠶᠢᠨ ᠣᠪᠣᠭ᠎ᠠ ᠶᠢᠨ ᠡᠩᠭᠡᠷ ᠲᠤ ᠠᠰᠠᠭᠠᠵᠤ ᠳᠠᠯᠪᠢᠨ᠎ᠠ᠃ ᠢᠩᠭᠢᠵᠤ ᠪᠠᠷᠠᠮᠠᠭᠴᠠ ᠭᠡᠷ ᠤᠨ ᠡᠵᠡᠨ ᠨᠢ ᠲᠦᠯᠡᠰᠢ ᠪᠠᠨ ᠰᠢᠳᠠᠭᠠᠵᠤ᠄ 《ᠡᠴᠢᠭᠡ ᠳᠡᠭ᠍ᠷᠢ ᠲᠤ ᠪᠠᠨ ᠰᠢᠳᠠᠭᠠᠯᠭ᠎ᠠ ᠰᠢᠳᠠᠭᠠᠵᠤ ᠪᠠᠢ᠌ᠨ᠎ᠠ︕》 ᠭᠡᠵᠤ ᠭᠡᠯᠡᠭ᠍ᠰᠡᠭᠡᠷ ᠭᠠᠯ ᠳᠠᠭᠠᠨ ᠠᠷᠢᠭᠢ ᠳᠤᠰᠤᠭᠠᠵᠤ ᠰᠢᠷ᠎ᠠ ᠳᠤᠰᠤ᠂ ᠳᠡᠭ᠍ᠷᠢ ᠶᠢᠨ ᠪᠣᠤᠪᠣ ᠪᠣᠯᠤᠨ ᠰᠥ᠋᠂ ᠴᠢᠨᠠᠭᠰᠠᠨ ᠬᠠᠷ᠎ᠠ ᠭᠦᠭᠡ ᠬᠤᠷᠤᠳ᠂ ᠠᠮᠤᠰᠤᠨ ᠪᠣᠳᠠᠭ᠎ᠠ᠂ ᠢᠮᠠᠭᠠᠨ ᠣᠭᠤᠴᠠ᠂ ᠭᠦᠵᠢ ᠠᠷᠴᠠ ᠵᠡᠷᠭᠡ ᠪᠠᠨ ᠡᠷᠭᠦᠨ᠎ᠡ᠃ ᠳᠠᠷᠠᠭ᠎ᠠ ᠨᠢ ᠭᠡᠷ ᠤᠨ ᠡᠵᠡᠨ ᠨᠢ ᠠᠷᠢᠭᠢ ᠪᠣᠯᠤᠨ ᠴᠠᠢ ᠪᠠᠨ ᠳᠦᠷᠪᠡᠨ ᠵᠥᠭ᠌ ᠨᠢ᠋ᠮᠠᠨ ᠵᠤᠪᠭᠢᠰ ᠲᠤ ᠰᠠᠴᠤᠯᠢ ᠡᠷᠭᠦᠵᠤ ᠳᠠᠭᠢᠯ ᠤᠨ ᠢᠷᠦᠭᠡᠯ ᠭᠡᠯᠡᠨ᠎ᠡ᠄

ᠵᠧ᠂ ᠣᠮ ᠰᠠᠢ᠌ᠨ ᠠᠮᠤᠭᠤᠯᠠᠩ ᠪᠣᠯᠳᠤᠭᠠᠢ︕

ᠦᠯᠵᠡᠢ ᠪᠣᠶᠠᠨ ᠡᠭᠦᠷᠢᠳᠡ ᠣᠷᠤᠰᠢᠬᠤ ᠪᠣᠯᠳᠤᠭᠠᠢ︕

ᠡᠰᠡᠷᠸ᠎ᠡ ᠬᠠᠨ ᠬᠤᠷᠮᠤᠰᠳᠠ ᠳᠡᠭ᠍ᠷᠢ

ᠡᠴᠢᠭᠡ ᠶᠡᠭᠡ ᠮᠥᠩᠭᠡ ᠳᠡᠭ᠍ᠷᠢ

ᠳᠡᠭᠡᠷ᠎ᠡ ᠶᠠᠷᠠ ᠶ‍ᠢᠰᠤᠨ ᠳᠡᠭ᠍ᠷᠢ

ᠳᠡᠷᠭᠡᠳᠡᠭᠢ ᠬᠤᠷᠢᠨ ᠨᠢ᠋ᠮᠠᠨ ᠣᠳᠤ

ᠠᠯᠳᠠᠨ ᠭᠡᠷᠡᠯᠳᠤ ᠨᠠᠷᠠᠨ ᠰᠠᠭᠢᠭᠤᠰᠤ

ᠠᠷᠢᠭᠤᠤᠬᠠᠨ ᠭᠡᠭᠡᠨ ᠰᠠᠷᠠᠨ ᠳᠠᠭᠢᠨᠠᠰ ᠲᠤ

ᠬᠠᠭᠠᠨ ᠴᠢᠩᠭᠢᠰ ᠤᠨ ᠣᠯᠠᠮᠵᠢᠯᠠᠯᠳᠤ ᠶᠤᠰᠤ ᠪᠠᠷ

ᠬᠠᠳᠤᠨ ᠪᠦᠷᠳᠡᠭᠡᠯᠵᠢᠨ ᠤ ᠣᠭ ᠰᠤᠷᠳᠠᠯ ᠵᠢᠠᠷ

ᠬᠠᠷ᠎ᠠ ᠢᠮᠠᠭᠠᠨ ᠤ ᠣᠭᠤᠴᠠᠨ ᠮᠢᠬ᠎ᠠ ᠪᠠᠷ

ᠬᠠᠨ ᠳᠡᠭ᠍ᠷᠢ ᠪᠠᠨ ᠰᠢᠳᠦᠭᠡᠡᠴᠢᠯᠡᠨ ᠳᠠᠭᠢᠶ᠎ᠠ᠃

ᠠᠷᠢᠭᠢ ᠰᠥ᠋ ᠴᠠᠢ ᠶᠢᠨ ᠰᠠᠴᠤᠯᠢ ᠰᠠᠴᠤᠨᠠᠮ︕

ᠠᠷᠴᠠ ᠭᠦᠵᠢ ᠮᠢᠬ᠎ᠠ ᠳᠤᠰᠤ ᠶᠢ ᠰᠢᠳᠠᠭᠠᠵᠤ ᠦᠭ‍ᠭᠦᠨᠡᠮ︕

ᠡᠴᠢᠭᠡ ᠳᠡᠭ᠍ᠷᠢ ᠶᠢᠨ ᠭᠦᠴᠤᠨ ᠢ ᠲᠦᠰᠢᠵᠤ

ᠡᠭᠡ ᠳᠡᠯᠡᠭᠡᠢ ᠶᠢᠨ ᠭᠡᠰᠢᠭ᠌ ᠢ ᠭᠦᠷᠳᠡᠵᠤ

ᠡᠷᠳᠡ ᠳᠡᠭᠡᠳᠤ ᠶᠢᠨ ᠰᠦᠷ ᠢ ᠡᠷᠭᠦᠵᠤ

ᠡᠭᠦᠳᠡ ᠡᠷᠦᠭᠡ ᠪᠠᠨ ᠭᠡᠢ᠌ᠭᠦᠯᠤᠨ ᠮᠠᠠᠳᠤᠭᠤᠯᠵᠤ

ᠭᠠᠯ ᠭᠤᠯᠤᠮᠳᠠ ᠪᠠᠨ ᠰᠠᠭᠢᠵᠤ

ᠭᠠᠵᠠᠷ ᠨᠤᠳᠤᠭ ᠶᠢᠡᠨ ᠡᠵᠡᠯᠡᠵᠤ

ᠨᠤᠭᠤᠨ ᠦᠷ᠎ᠡ ᠪᠠᠨ ᠭᠦᠮᠦᠵᠢᠭᠦᠯᠵᠤ

ᠨᠤᠳᠤᠭ ᠣᠰᠤ ᠪᠠᠨ ᠪᠠᠶᠠᠰᠬᠠᠵᠤ

ᠳᠤᠷᠭ᠎ᠠ ᠳᠤᠷᠳᠠᠩ ᠡᠮᠦᠰᠴᠤ

ᠳᠤᠰᠤ ᠮᠢᠬ᠎ᠠ ᠢᠳᠠᠵᠤ

ᠠᠯᠳᠠ ᠮᠦᠩᠭᠦ ᠠᠪᠳᠠᠷᠠᠯᠠᠵᠤ

ᠠᠰᠢᠭ ᠵᠤᠭᠤᠰ ᠢ ᠬᠤᠷᠠᠮᠳᠠᠭᠤᠯᠵᠤ

ᠭᠦᠮᠤᠨ ᠤ ᠮᠡᠳᠡᠭᠦ ᠪᠦᠭᠦᠨ ᠢ ᠮᠠᠳᠠᠵᠤ

ᠭᠦᠮᠤᠨ ᠤ ᠴᠢᠳᠠᠬᠤ ᠪᠣᠯᠭᠠᠨ ᠢ ᠴᠢᠳᠠᠵᠤ

ᠨᠠᠷᠠᠨ ᠰᠠᠷᠠᠨ ᠮᠠᠳᠤ ᠭᠡᠷᠡᠯᠳᠦᠵᠤ

ᠨᠠᠪᠴᠢ ᠴᠡᠴᠡᠭ᠌ ᠠᠳᠠᠯᠢ ᠳᠡᠯᠭᠡᠷᠡᠵᠤ

ᠦᠯᠵᠡᠢ ᠮᠦᠷ ᠲᠡᠶ ᠶᠠᠪᠣᠬᠤ ᠪᠣᠯᠭᠠᠮᠤ︕

ᠥᠭᠡᠳᠡ ᠡᠰᠡᠷᠡᠭ᠌ ᠠᠮᠢᠳᠤᠷᠠᠬᠤ ᠪᠣᠯᠭᠠᠮᠤ︕

ᠮᠥᠩᠭᠡ ᠳᠡᠭ᠍ᠷᠢ ᠪᠣᠶᠠᠨ ᠭᠡᠰᠢᠭ᠌ ᠢᠪᠠᠭᠡᠳᠦᠭᠡᠢ︕

ᠬᠤᠷᠮᠤᠰᠳᠠ ᠳᠡᠭ᠍ᠷᠢ ᠠᠶᠤᠯ ᠭᠠᠮᠰᠢᠭ ᠡᠴᠡ ᠵᠠᠢ᠌ᠯᠠᠭᠤᠯᠳᠤᠭᠠᠢ︕

ᠡᠴᠢᠭᠡ ᠳᠡᠭ᠍ᠷᠢ ᠡᠪᠡᠳᠴᠢᠨ ᠵᠤᠪᠠᠯᠠᠩ ᠢ ᠠᠷᠢᠯᠭᠠᠳᠤᠭᠠᠢ︕

ᠡᠷᠭᠡᠳᠡᠨ ᠭᠠᠷᠠᠭ ᠤᠳ ᠵᠤᠯ ᠵᠢᠷᠭᠠᠯ ᠢ ᠡᠳ᠋ᠯᠡᠭᠦᠯᠳᠦᠭᠡᠢ︕

ᠭᠡᠵᠤ ᠢᠷᠦᠭᠡᠭᠦ ᠳᠤ ᠭᠡᠷ ᠤᠨ ᠣᠯᠠᠨ ᠨᠢ᠄ 《ᠳᠠᠷᠠ ᠪᠠᠯᠭᠡ ᠪᠠᠷ ᠪᠣᠯᠳᠤᠭᠠᠢ︕》 ᠭᠡᠨ᠎ᠡ᠃

ᠭᠡᠷ ᠤᠨ ᠣᠯᠠᠨ ᠨᠢ ᠭᠠᠯ ᠳᠤ ᠡᠷᠭᠦᠴᠡ ᠡᠷᠭᠦᠵᠤ᠂ ᠳᠡᠭ᠍ᠷᠢ ᠳᠤ ᠰᠠᠴᠤᠯᠢ ᠰᠠᠴᠤᠨ᠂ ᠦᠶ᠎ᠡ ᠵᠡᠷᠭᠡ ᠨᠠᠰᠤᠨ ᠤᠨ ᠶᠡᠭᠡ ᠪᠠᠭ᠎ᠠ ᠪᠠᠷ ᠭᠡᠷ ᠤᠨ ᠡᠵᠡᠨ ᠢ ᠳᠠᠭᠠᠯᠴᠠᠨ ᠡᠷᠭᠦᠴᠡ ᠡᠷᠭᠦᠵᠤ ᠰᠠᠴᠤᠯᠢ ᠰᠠᠴᠤᠨ᠎ᠠ᠃ ᠢᠷᠦᠭᠡᠯ ᠭᠡᠯᠡᠵᠤ ᠪᠠᠷᠠᠭᠰᠠᠨ ᠤ ᠳᠠᠷᠠᠭ᠎ᠠ᠂ ᠨᠠᠷᠠᠨ ᠵᠦᠪ ᠶᠢᠡᠷ ᠣᠪᠣᠭ᠎ᠠ ᠪᠠᠨ ᠭᠤᠷᠪᠠ ᠡᠷᠭᠢᠵᠤ᠄ 《ᠣᠮ ᠮᠠ ᠬᠤᠩ᠂ ᠣᠮ ᠮᠠ ᠬᠤᠩ︕ ᠳᠡᠭ᠍ᠷᠢ ᠦᠷᠦᠰᠢᠶᠠ︕》 ᠭᠡᠵᠤ ᠰᠢᠪᠰᠢᠯᠡᠭᠡ ᠰᠢᠪᠰᠢᠨ᠂ ᠳᠦᠷᠪᠡᠨ ᠵᠥᠭ᠌ ᠨᠢ᠋ᠮᠠᠨ ᠵᠤᠪᠭᠢᠰ ᠲᠤ ᠠᠷᠢᠭᠢ ᠰᠥ᠋ ᠴᠠᠢ ᠶᠢᠨ ᠰᠠᠴᠤᠯᠢ ᠡᠷᠭᠦᠨ ᠳᠠᠭᠠᠳᠭᠠᠨ᠎ᠠ᠃ ᠡᠭᠦᠨ ᠤ ᠳᠠᠷᠠᠭ᠎ᠠ ᠰᠢᠨ᠎ᠡ ᠴᠠᠭᠠᠨ ᠬᠤᠨᠢᠨ ᠣᠩᠭ᠋ᠠᠰᠤᠨ ᠢᠰᠡᠭᠡᠢ ᠶᠢ ᠳᠠᠭᠢᠯᠭ᠎ᠠ ᠶᠢᠨ ᠣᠪᠣᠭ᠎ᠠ ᠶᠢᠨ ᠵᠡᠭᠦᠨ ᠡᠮᠤᠨ᠎ᠡ ᠲ᠋ᠦᠦᠷ᠎ᠡ ᠳᠠᠯ᠎ᠠ ᠳᠤ ᠳᠠᠪᠢᠰᠴᠤ᠂ ᠭᠡᠷ ᠤᠨ ᠡᠵᠡᠨ ᠳᠡᠷᠢᠭᠦᠯᠡᠨ ᠪᠦᠭᠦ ᠭᠡᠷ ᠶᠢᠡᠷ ᠶᠢᠡᠨ ᠪᠠᠷᠠᠭᠤᠨ ᠬᠣᠢ᠌ᠳᠤ ᠵᠥᠭ᠌ ᠤᠨ ᠳᠡᠭ᠍ᠷᠢ ᠲᠤ ᠭᠤᠷᠪᠠᠠᠳᠠ ᠮᠥᠷᠭᠦᠵᠤ᠄ 《ᠡᠴᠢᠭᠡ ᠳᠡᠭ᠍ᠷᠢ ᠥᠷᠦᠰᠢᠶᠡᠳᠦᠭᠡᠢ︕》 ᠭᠡᠨ᠎ᠡ᠃ ᠮᠥᠷᠭᠦᠵᠤ ᠪᠠᠷᠠᠮᠠᠭᠴᠠ ᠢᠰᠡᠭᠡᠢ ᠪᠠᠨ ᠨᠠᠷᠠᠨ ᠵᠦᠪ ᠶᠢᠡᠷ ᠰᠢᠯᠵᠢᠭᠦᠯᠵᠤ᠂ ᠬᠣᠢ᠌ᠳᠤ ᠵᠥᠭ᠌᠂ ᠵᠡᠭᠦᠨ ᠬᠤᠢ᠌ᠳᠤ ᠵᠥᠭ᠌᠁ ᠭᠡᠵᠤ ᠡᠷᠭᠢᠨ᠂ ᠳᠦᠷᠪᠡᠨ ᠵᠥᠭ᠌ ᠨᠢ᠋ᠮᠠᠨ ᠵᠤᠪᠭᠢᠰ ᠤᠨ ᠳᠡᠭ᠍ᠷᠢ ᠳᠤ ᠠᠳᠠᠯᠢᠬᠠᠨ ᠮᠥᠷᠭᠦᠨ ᠵᠠᠯᠪᠢᠷᠠᠨ᠎ᠠ᠃ ᠢᠩᠭᠢᠭᠦ ᠳᠡᠭᠡᠨ ᠰᠢᠨ᠎ᠡ ᠶᠢᠨ ᠨᠢᠭᠡᠨ ᠳᠤ ᠠᠯᠢ ᠵᠥᠭ᠌ ᠤᠨ ᠳᠡᠭ᠍ᠷᠢ ᠳᠤ ᠣᠷᠢᠳᠠᠪᠠᠷ ᠮᠥᠷᠭᠦᠭᠦ ᠶᠢ ᠥᠵᠡᠯᠡᠭ᠍ᠴᠢ ᠪᠠᠷ ᠥᠵᠡᠭᠦᠯᠳᠡᠭ᠌᠃


ᠵᠤᠬᠢᠶᠠᠭᠴᠢ ᠶᠢᠨ ᠬᠠᠶ‍ᠢᠭ᠄ ᠣᠩᠨᠢᠭᠤᠳ ᠬᠤᠰᠢᠭᠤᠨ ᠤ ᠢᠳᠡᠭᠡᠮᠵᠢ ᠶᠢᠨ ᠬᠤᠷᠰᠢᠶ᠎ᠠ

ᠵᠤᠬᠢᠶᠠᠭᠴᠢ᠄ ᠨᠠᠮᠳᠠᠢ᠌ᠰᠦ᠋ᠷᠤᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7493
ᠴᠠᠭ᠄ 2009 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ