ᠨᠡᠪᠲᠡᠷᠡᠨ ᠤᠷᠤᠬᠤ
ᠮᠤᠩᠭ᠋ᠤᠯ ᠪᠢᠴᠢᠯᠭᠡ ᠮᠢᠨᠢ
(ᠬᠡᠦᠬᠡᠳ ᠤᠨ ᠰᠢᠯᠦᠭ᠌)

ᠰᠠᠢ᠌ᠬᠠᠨ ᠮᠤᠩᠭ᠋ᠤᠯ ᠦᠰᠦᠭ᠌ ᠮᠢᠨᠢ

ᠰᠡᠳᠭᠢᠯ ᠳᠤᠳᠤᠨᠤ ᠠᠭᠤᠯᠠ ᠪᠢᠯᠠ

ᠡᠷᠡᠯᠭᠡᠭ᠌ ᠮᠤᠩᠭ᠋ᠤᠯ ᠦᠰᠦᠭ᠌ ᠮᠢᠨᠢ

ᠡᠭᠡᠯ ᠪᠣᠷᠤᠭᠵᠢᠭᠤᠨ ᠵᠠᠩ ᠪᠢᠯᠠ


ᠣᠳᠤᠷ ᠨᠡᠭᠦᠳᠡᠯ ᠤᠨ ᠠᠮᠢᠳᠤᠷᠠᠯ ᠤᠨ

ᠨᠠᠷᠠ ᠪᠠᠨ ᠰᠠᠷᠠᠪᠴᠢᠯᠠᠭᠰᠠᠨ ᠮᠦᠷ ᠪᠢᠯᠠ

ᠣᠩᠭ᠋ᠤᠨ ᠳᠠᠷᠬᠠᠨ ᠪᠠᠢ᠌ᠭᠠᠯᠢ ᠵᠢᠨ

ᠨᠠᠷᠭᠢᠶᠠᠨ ᠶᠢᠡᠨ ᠳᠡᠮᠳᠡᠭᠯᠡᠭ᠍ᠰᠡᠨ ᠪᠠᠯᠴᠢᠭᠡᠷ ᠪᠢᠯᠠ


ᠭᠢᠴᠢᠶᠠᠵᠤ ᠭᠡᠯᠡᠭ᠍ᠰᠡᠨ ᠥᠭᠡᠨ ᠤ

ᠰᠠᠢ᠌ᠨ ᠤ ᠢᠷᠦᠭᠡᠯ ᠤᠨ ᠴᠠᠢ ᠪᠢᠯᠠ

ᠭᠢᠵᠤ ᠭᠦᠢᠴᠡᠭᠡᠭ᠍ᠰᠡᠨ ᠠᠵᠢᠯ ᠤᠨ

ᠰᠠᠨᠠᠭ᠎ᠠ ᠳᠠᠢ᠌ᠪᠣᠭᠤᠨ ᠪᠣᠳᠤᠯ ᠪᠢᠯᠠ


ᠰᠦᠯᠳᠡ ᠪᠠᠨ ᠪᠣᠰᠤᠭ᠎ᠠ ᠡᠷᠭᠦᠭ᠍ᠰᠡᠨ

ᠰᠦᠷ ᠭᠡᠷᠡᠯ ᠤᠨ ᠴᠤᠭ ᠪᠢᠯᠠ

ᠰᠦᠰᠦ ᠪᠠᠨ ᠮᠤᠩᠭ᠋ᠤᠯ ᠭᠡᠯᠭᠢᠭ᠍ᠰᠡᠨ

ᠰᠦᠮᠪᠦᠷ ᠬᠠᠢ᠌ᠷ᠎ᠠ ᠶᠢᠨ ᠳᠤᠶᠠᠭ᠎ᠠ ᠪᠢᠯᠠ


ᠣᠷᠤᠰᠬᠤ ᠭᠤᠤᠯ ᠤᠨ ᠠᠨᠢᠷ ᠵᠢᠠᠨ

ᠣᠬᠠᠭᠠᠨ ᠲᠡᠶ ᠴᠡᠭᠡᠵᠢᠯᠡᠭ᠍ᠰᠡᠨ ᠪᠢᠴᠢᠭ᠌ ᠪᠢᠯᠠ

ᠰᠠᠷᠪᠠᠯᠵᠠᠨ ᠳᠡᠯᠭᠡᠷᠡᠭᠦ ᠴᠡᠴᠡᠭ᠌ ᠵᠢᠠᠨ

ᠰᠡᠯᠡᠭᠦᠴᠡᠨ ᠬᠠᠷᠠᠭᠰᠠᠨ ᠳᠡᠮᠳᠡᠭ᠌ ᠪᠢᠯᠠ


ᠠᠯᠠᠭᠠᠨ ᠤ ᠵᠢᠷᠤᠭᠠᠰᠤ ᠪᠠᠨ ᠰᠢᠭ

ᠦᠪᠡᠷᠮᠢᠴᠠ ᠭᠣᠢ᠌ᠳᠠ ᠠᠮᠢᠰᠬᠤᠯ ᠳᠠᠢ

ᠦᠷᠦᠭᠡᠯ ᠤᠨ ᠨᠢᠳᠤᠨ ᠳᠤ ᠬᠠᠯᠠᠭᠤᠨ

ᠠᠳᠤᠭᠤᠨ ᠤ ᠭᠡᠢ᠌ᠮᠦᠷᠢᠯᠢᠭ᠌ ᠳᠦᠷᠭᠦ ᠳᠠᠢ


ᠨᠠᠷᠠᠨ ᠳᠤ ᠭᠠᠩᠬᠤᠯᠵᠠᠬᠤ

ᠨᠤᠭᠤᠭᠠᠨ ᠨᠠᠪᠴᠢ ᠶᠢᠨ ᠠᠮᠢᠵᠢᠷᠠᠯ ᠲ᠋ᠠᠢ

ᠰᠠᠷᠠᠨ ᠳᠤ ᠳᠤᠯᠠᠯᠵᠠᠬᠤ

ᠰᠢᠪᠠᠭᠤᠳ ᠤᠨ ᠮᠦᠩᠭᠦᠨ ᠵᠢᠭᠦᠷ ᠳᠠᠢ


ᠰᠠᠢ᠌ᠬᠠᠨ ᠮᠤᠩᠭ᠋ᠤᠯ ᠪᠢᠴᠢᠯᠭᠡ ᠮᠢᠨᠢ

ᠰᠡᠳᠭᠢᠯ ᠤᠨ ᠢᠷᠭᠠᠤ ᠤᠶᠠᠩ‍ᠭ᠎ᠠ ᠳᠠᠢ

ᠰᠠᠨᠠᠭ᠎ᠠ ᠪᠣᠳᠤᠯ ᠢ ᠭᠦᠭ᠍ᠰᠡᠭᠡᠭᠦ

ᠽᠠᠠᠳᠠᠨ ᠮᠤᠳᠤᠨ ᠦᠨᠦᠷ ᠲᠡᠶ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠲ᠋ᠤᠮᠳᠠᠳᠤ ᠬᠤᠰᠢᠭᠤᠨ ᠤ ᠵᠡᠭᠦᠨ ᠳᠠᠪᠢᠨ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 14257
ᠴᠠᠭ᠄ 2014 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ