☆ ᠣᠷᠭᠢᠯᠤᠮ᠎ᠠ
ᠳᠠᠷᠢᠶᠠᠴᠢᠨ ᠭᠢᠭᠡᠳ ᠪᠠᠭᠰᠢ
ᠳᠢᠪ ᠤᠨ ᠳᠠᠪᠢᠨ ᠳ᠋ᠦ᠋ᠩᠰᠢᠭᠤᠷ ᠭᠦᠮᠤᠨ ᠠᠮᠠ
ᠳᠠᠷᠢᠶᠠᠴᠢᠨ ᠤ ᠭᠦᠯᠦᠰᠤᠨ ᠳᠤᠰᠤᠯ ᠡᠴᠡ ᠰᠢᠮ᠎ᠠ ᠰᠤᠷᠤᠨ᠎ᠠ
ᠳᠠᠪᠢᠨ ᠳ᠋ᠦ᠋ᠩᠰᠢᠭᠤᠷ ᠤᠨ ᠳᠤᠭᠠᠯᠠᠰᠢ ᠦᠭᠡᠶ ᠬᠡᠦᠬᠡᠳ
ᠪᠠᠭᠰᠢ ᠶᠢᠨ ᠵᠢᠷᠦᠭᠡᠨ ᠴᠢᠰᠤᠨ ᠡᠴᠡ ᠪᠣᠯᠪᠠᠰᠤᠨ ᠭᠦᠭᠦᠨ᠎ᠡ
ᠣᠯᠠᠷᠢᠯ ᠤᠨ ᠳᠦᠷᠦᠭᠦᠤ ᠬᠠᠪᠣᠷ ᠲᠤ᠂ ᠳᠠᠷᠢᠶᠠᠴᠢᠨ
ᠠᠮᠢᠳᠤᠷᠠᠯ ᠤᠨ ᠳᠤᠯᠭ᠎ᠠ ᠪᠣᠰᠬᠠᠬᠤ ᠪᠠᠷ
ᠦᠷ ᠶᠢᠡᠷ ᠦᠷ᠎ᠡ ᠰᠠᠴᠤᠨ᠎ᠠ
ᠦᠳᠡᠰᠢ ᠪᠠᠷ ᠬᠤᠷᠢᠶᠠᠯᠳᠠ ᠵᠡᠭᠦᠳᠦᠯᠡᠨ᠎ᠡ
ᠰᠤᠷᠤᠯᠭ᠎ᠠ ᠶᠢᠨ ᠡᠭᠢᠨ ᠬᠠᠪᠣᠷ ᠲᠤ᠂ ᠪᠠᠭᠰᠢ
ᠰᠤᠶᠤᠯ ᠤᠨ ᠣᠴᠢ ᠨᠤᠴᠤᠭᠠᠬᠤ ᠪᠠᠷ
ᠦᠷ ᠶᠢᠡᠷ ᠭᠦᠰᠡᠯ ᠬᠠᠢ᠌ᠨ᠎ᠠ
ᠦᠳᠡᠰᠢ ᠪᠠᠷ ᠮᠠᠷᠭᠠᠰᠢ ᠶᠢ ᠪᠡᠯᠡᠳᠭᠡᠨ᠎ᠡ
ᠦᠷ ᠶᠢᠡᠷ ᠰᠠᠴᠤᠭᠰᠠᠨ ᠨᠢ ᠦᠷ᠎ᠡ ᠯᠠ ᠪᠢᠰᠢ᠂ ᠭᠦᠨᠡᠰᠤ ᠶᠤᠮ
ᠦᠷ ᠶᠢᠡᠷ ᠬᠠᠢ᠌ᠭᠰᠠᠨ ᠨᠢ ᠭᠦᠰᠡᠯ ᠯᠠ ᠪᠢᠰᠢ᠂ ᠣᠢ᠌ᠯᠠᠰ ᠶᠤᠮ
ᠭᠦᠨᠡᠰᠤ ᠪᠠᠢ᠌ᠬᠤ ᠦᠭᠡᠶ ᠪᠣᠯ ᠬᠤᠳᠤᠭᠠᠳᠤ ᠬᠤᠭᠤᠰᠤᠨ ᠰᠢᠤ᠂ ᠭᠦᠮᠤᠨ
ᠣᠢ᠌ᠯᠠᠰ ᠪᠦᠳᠦᠭᠡᠭᠦ ᠦᠭᠡᠶ ᠪᠣᠯ ᠣᠶᠤᠨ ᠬᠤᠭᠤᠰᠤᠨ ᠰᠢᠤ᠂ ᠭᠦᠮᠤᠨ
ᠵᠤᠨ ᠴᠠᠭ ᠲᠤ ᠵᠤᠷᠬ᠎ᠠ ᠮᠥᠯᠭᠦᠵᠤ ᠴᠢᠭᠢ ᠪᠣᠢ᠌ᠵᠢᠭᠤᠯᠤᠨᠠ᠂ ᠳᠠᠷᠢᠶᠠᠴᠢᠨ
ᠵᠠᠵᠢᠨ ᠦᠰᠦ ᠪᠠᠨ ᠪᠣᠭᠤᠷᠤᠯᠳᠠᠯᠠ ᠶᠤᠰᠤ ᠣᠯᠠᠮᠵᠢᠯᠠᠨ᠎ᠠ᠂ ᠪᠠᠭᠰᠢ
ᠬᠠᠯᠰᠢᠷᠠᠯ ᠦᠭᠡᠶ ᠠᠷᠴᠢᠯᠭᠠ ᠪᠠᠷ ᠢᠳᠡᠷᠡᠭᠦᠨ ᠦᠰᠴᠠᠢ᠂ ᠳᠠᠷᠠ ᠴᠢᠭᠢ
ᠬᠠᠷᠠᠮ ᠦᠭᠡᠶ ᠣᠯᠠᠮᠵᠢᠯᠠᠯ ᠶᠢᠡᠷ ᠳᠤᠷᠨᠢᠭᠤᠨ ᠪᠣᠢ᠌ᠵᠢᠵᠠᠢ᠂ ᠳᠠᠷᠠ ᠬᠡᠦᠬᠡᠳ
ᠬᠠᠪᠣᠷ ᠵᠤᠨ ᠤ ᠬᠠᠯᠰᠢᠷᠠᠯ ᠦᠭᠡᠶ ᠭᠦᠳᠡᠯᠮᠦᠷᠢ ᠡᠴᠡ
ᠬᠠᠯᠢᠭᠤᠷᠠᠭᠰᠠᠨ ᠳᠠᠷᠢᠶ᠎ᠠ ᠬᠤᠷᠢᠶᠠᠯᠳᠠ ᠶᠢ ᠮᠡᠳᠡᠭᠡᠯᠡᠨ᠎ᠡ
ᠬᠠᠭᠠᠰ ᠨᠠᠰᠤᠨ ᠤ ᠬᠠᠷᠠᠮ ᠦᠭᠡᠶ ᠵᠢᠦᠡᠭᠦᠯ ᠡᠴᠡ
ᠬᠤᠰᠢᠭᠤᠷᠠᠭᠰᠠᠨ ᠡᠷᠳᠡᠮᠳᠡᠨ ᠴᠤᠪᠣᠷᠠᠨ ᠭᠠᠷᠤᠨ᠎ᠠ
ᠡᠩ ᠵᠢᠷ ᠤᠨ ᠠᠷᠠᠤᠨ ᠪᠣᠯᠤᠭᠰᠠᠨ ᠴᠤ᠂ ᠳᠠᠷᠢᠶᠠᠴᠢᠨ ᠤ
ᠠᠮᠢᠳᠤᠷᠠᠯ ᠶᠢᠡᠨ ᠥᠭᠡᠳᠡ ᠳᠠᠳᠠᠬᠤ ᠵᠤᠷᠢᠭ ᠨᠢ
ᠦᠷ᠎ᠡ ᠪᠠᠨ ᠭᠦᠮᠤᠨ ᠪᠣᠯᠭᠠᠬᠤ ᠭᠦᠰᠡᠯ ᠨᠢ
ᠡᠪᠦᠯ ᠪᠣᠯᠤᠭᠰᠠᠨ ᠴᠤ ᠳᠤᠯᠭ᠎ᠠ ᠶᠢᠨ ᠭᠠᠯ ᠰᠢᠭ ᠬᠠᠯᠠᠭᠤᠨ
ᠡᠷᠭᠡ ᠵᠢᠩᠰᠠᠳᠠᠨ ᠤ ᠬᠤᠪᠢᠳᠠᠨ ᠪᠢᠰᠢ ᠴᠤ᠂ ᠪᠠᠭᠰᠢ ᠶᠢᠨ
ᠠᠮᠢᠳᠤᠷᠠᠯ ᠳᠤ ᠪᠠᠨ ᠳᠡᠨᠢᠭᠦᠨ ᠪᠠᠢ᠌ᠳᠠᠭ ᠰᠡᠳᠭᠢᠯ ᠨᠢ
ᠣᠢ᠌ᠯᠠᠰ ᠶᠢᠡᠨ ᠡᠷᠭᠢᠮ ᠥᠵᠡᠳᠡᠭ᠌ ᠣᠪᠣᠷ ᠨᠢ
ᠦᠳᠡᠯ᠎ᠠ ᠪᠣᠯᠤᠭᠰᠠᠨ ᠴᠤ ᠡᠪᠦᠯ ᠤᠨ ᠨᠠᠷᠠᠰᠤ ᠮᠠᠳᠤ ᠢᠳᠡᠷᠡᠭᠦᠨ
ᠨᠤᠲᠤᠭ ᠤᠨ ᠰᠢᠷ᠎ᠠ ᠮᠠᠩᠬᠠᠨ ᠳᠤ ᠪᠠᠨ
ᠮᠤᠩᠭ᠋ᠤᠯ ᠠᠮᠤ ᠪᠠᠨ ᠰᠠᠴᠤᠳᠠᠭ ᠳᠠᠷᠢᠶᠠᠴᠢᠨ ᠠᠪᠣ ᠪᠢᠰᠢᠷᠠᠯᠳᠠᠢ
ᠮᠠᠷᠭᠠᠰᠢ ᠶᠢᠨ ᠨᠠᠷᠠ ᠵᠠᠯᠠᠭᠤᠴᠤᠳ ᠲᠤ ᠪᠠᠨ
ᠮᠡᠳᠡᠯᠭᠡ ᠪᠠᠨ ᠶᠡᠭᠦᠯᠡᠳᠡᠭ᠌ ᠪᠣᠭᠤᠷᠤᠯ ᠪᠠᠭᠰᠢ ᠭᠦᠡᠳᠦᠳᠭᠡᠯᠳᠡᠢ
ᠲ᠋ᠢᠪ ᠤᠨ ᠳᠠᠪᠢᠨ ᠳ᠋ᠦ᠋ᠩᠰᠢᠭᠤᠷ ᠭᠦᠮᠤᠨ ᠠᠮᠠ
ᠳᠠᠷᠢᠶᠠᠴᠢᠨ ᠤ ᠭᠦᠯᠦᠰᠤᠨ ᠳᠤᠰᠤᠯ ᠡᠴᠡ ᠰᠢᠮ᠎ᠠ ᠰᠤᠷᠤᠨ᠎ᠠ
ᠳᠠᠪᠢᠨ ᠳ᠋ᠦ᠋ᠩᠰᠢᠭᠤᠷ ᠤᠨ ᠳᠤᠭᠠᠯᠠᠰᠢ ᠦᠭᠡᠶ ᠬᠡᠦᠬᠡᠳ
ᠪᠠᠭᠰᠢ ᠶᠢᠨ ᠵᠢᠷᠦᠭᠡᠨ ᠴᠢᠰᠤᠨ ᠡᠴᠡ ᠪᠣᠯᠪᠠᠰᠤᠨ ᠭᠦᠭᠦᠨ᠎ᠡ
ᠵᠤᠬᠢᠶᠠᠭᠴᠢ ᠶᠢᠨ ᠬᠠᠶᠢᠭ ᠄ ᠲᠦᠰᠢᠶᠠᠳᠤ
ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ