☆ ᠬᠠᠯᠳᠠᠷ
ᠮᠦᠽᠠᠮᠪᠢᠺᠠ ᠶᠢᠨ ᠠᠩᠴᠢ ᠢᠷᠪᠢᠰ
ᠮᠦᠽᠠᠮᠪᠢᠺᠠ ᠶᠢᠨ ᠠᠩᠴᠢ ᠢᠷᠪᠢᠰ
ᠮᠥᠩᠭᠡ ᠶᠢᠨ ᠨᠢᠯᠪᠣᠰᠤᠨ ᠣᠷᠤᠮ ᠳᠠᠢ
ᠮᠥᠯᠭᠦᠭᠦ ᠶᠤᠮᠰᠢᠭ ᠮᠢᠷᠠᠵᠤ
ᠮᠦᠨᠤᠭᠢ ᠵᠡᠭᠡᠷ᠎ᠡ ᠳᠤ ᠤᠢ᠌ᠷᠠᠳᠤᠵᠤ
᠊ᠭ᠍ᠱᠡᠨ ᠵᠠᠭᠤᠷ᠎ᠠ ᠶᠢᠨ ᠳᠠᠭᠠᠷᠢᠯᠳᠠ ᠪᠠᠨ
ᠠᠷᠪᠠᠨ ᠬᠤᠷᠤᠮ ᠡᠴᠠ ᠦᠯᠦ ᠭᠡᠳᠦᠷᠡᠭᠦᠯᠦᠨᠡ
ᠠᠢ ᠡᠰᠡᠭᠦᠯ᠎ᠡ
ᠠᠯᠳᠠᠨ ᠳᠠᠷᠢᠭᠢ ᠨᠢ ᠰᠢᠳᠠᠳᠠᠭ ᠭᠡᠨ᠎ᠡ
ᠵᠡᠭᠡᠷ᠎ᠡ ᠵᠢᠷᠢᠯᠭᠡᠭᠦ ᠪᠠᠷ ᠶᠢᠡᠨ ᠵᠢᠷᠢᠯᠭᠡᠵᠤ
ᠢᠷᠪᠢᠰ ᠰᠤᠨᠤᠬᠤ ᠪᠠᠷ ᠶᠢᠡᠨ ᠰᠤᠨᠤᠨ᠎ᠠ
ᠡᠨᠡᠷᠢᠯ ᠦᠭᠡᠶ ᠬᠤᠷᠸ᠎ᠠ ᠶᠢᠨ ᠨᠠᠢ᠌ᠷ ᠦᠭᠡᠶ ᠵᠢᠮ᠎ᠠ
ᠢᠯᠠᠵᠤ ᠢᠯᠠᠭᠳᠠᠬᠤ ᠨᠢ ᠬᠤᠷᠤᠮᠬᠠᠨ ᠵᠠᠭᠤᠷ᠎ᠠ
ᠢᠩᠭᠢᠰᠭᠢᠭᠡᠳ ᠳᠠᠢ᠌ᠨ ᠳᠠᠭᠤᠰᠴᠤ
ᠡᠯᠡᠰᠤᠨ ᠳᠢᠪ ᠤᠨ ᠡᠷᠢᠶᠡᠨ ᠴᠤᠬᠤᠷ ᠰᠠᠯᠭᠢ
ᠡᠷᠭᠢᠨ ᠳᠤᠭᠤᠷᠢᠨ ᠶᠢᠡᠨ ᠣᠢ᠌ᠤᠠᠬᠠᠷᠳᠤ ᠨᠢᠳᠤ ᠪᠠᠷ ᠬᠠᠷᠠᠨ᠎ᠠ
ᠠᠯᠤᠰ ᠡᠴᠠ ᠣᠯᠢᠬᠤ ᠳᠠᠭᠤᠨ ᠰᠤᠨᠤᠰᠳᠠᠵᠤ
ᠠᠩᠴᠢ ᠢᠷᠪᠢᠰ ᠲᠤ ᠠᠶᠤᠮᠰᠢᠭ ᠳᠦᠷᠦᠭᠦᠯᠤᠨ᠎ᠡ
ᠠᠳᠬᠤᠬᠠᠨ ᠵᠢᠷᠦᠭᠡ ᠨᠢ ᠳᠡᠯᠪᠠᠷᠡᠭᠦ ᠰᠢᠬᠠᠨ᠎ᠠ
ᠠᠷᠬᠠᠢ᠌ᠵᠤ ᠰᠠᠷᠬᠠᠢ᠌ᠭᠰᠠᠨ ᠮᠤᠳᠤᠨ ᠳ᠋ᠠᠭᠠᠨ
ᠠᠪᠠᠷᠢᠬᠤ ᠶᠢ ᠶᠠᠭᠠᠷᠠᠨ᠎ᠠ
ᠡ᠊ᠨᠳᠡ ᠳᠠᠠᠳᠠᠭᠢ ᠶᠢ ᠰᠢᠩᠰᠢᠯᠠᠨ
ᠡᠳᠡᠭᠡᠳ ᠮᠠᠭᠤᠬᠠᠢ ᠭᠠᠰᠠᠯᠤᠭᠰᠠᠭᠠᠷ
ᠳᠠᠯᠳᠠᠩ ᠴᠢᠭᠢᠳᠤ ᠵᠡᠷᠯᠢᠭ᠌ ᠨᠤᠬᠠᠤᠨ
ᠳᠡᠩᠳᠡᠭᠦᠤ ᠶᠡᠭᠡ ᠤᠢ᠌ᠷᠠᠳᠤᠨ᠎ᠠ
ᠬᠠᠢ ᠭᠦᠢ ᠭᠡᠭᠦ ᠶᠢᠨ ᠵᠠᠪ ᠦᠭᠡᠶ
ᠬᠠᠢ᠌ᠷᠠᠨ ᠣᠯᠵᠠ ᠪᠠᠨ ᠪᠣᠯᠢᠶᠠᠭᠳᠠᠨᠠ
ᠮᠦᠽᠠᠮᠪᠢᠺᠠ ᠶᠢᠨ ᠠᠩᠴᠢ ᠢᠷᠪᠢᠰ
ᠮᠥᠩᠭᠡ ᠶᠢᠨ ᠨᠢᠯᠪᠣᠰᠤᠨ ᠣᠷᠤᠮ ᠳᠠᠢ
ᠵᠤᠬᠢᠶᠠᠭᠴᠢ ᠶᠢᠨ ᠬᠠᠶᠢᠭ ᠄ ᠣᠷᠠᠤᠨ ᠤᠨ ᠳᠤᠮᠳᠠᠳᠤ ᠬᠤᠰᠢᠭᠤ
ᠵᠤᠬᠢᠶᠠᠭᠴᠢ᠄ ᠬᠠᠯᠳᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 11 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ