☆ ᠦ᠊·ᠠᠯᠳᠠᠠᠪᠣᠯᠠᠭ
ᠦᠭᠦᠯ
ᠠᠭᠤᠤ ᠶᠡᠭᠡ ᠭᠦᠮᠤᠨ ᠴᠤ ᠠᠷᠭ᠎ᠠ ᠥᠭᠡᠢ
ᠠᠪᠰᠠᠨ ᠳᠤ ᠭᠡᠪᠳᠡᠭᠦ ᠨᠢᠭᠡ ᠡᠳᠦᠷ ᠭᠠᠷᠤᠨ᠎ᠡ
ᠠᠯᠳᠠᠭᠰᠠᠨ ᠣᠯᠤᠭᠰᠠᠨ ᠶᠢᠡᠨ ᠴᠦᠮ ᠣᠷᠭᠢᠭᠠᠤᠨ
ᠠᠯᠳᠠᠨ ᠳᠡᠯᠡᠭᠡᠢ ᠡᠴᠠ ᠳᠤᠷ᠎ᠠ ᠦᠭᠡᠶ ᠴᠤ ᠰᠠᠯᠤᠨᠡ᠃
ᠠᠷᠤ ᠡᠴᠠ ᠨᠢ ᠳᠡᠭᠡᠭᠡᠳ ᠠᠮᠢᠳᠤ ᠥᠯᠡᠳᠡᠭ᠍ᠰᠡᠨ ᠨᠢ
ᠠᠷᠪᠠᠨ ᠤ ᠭᠡᠳᠤ ᠭᠡᠵᠤ ᠳᠠᠮᠠᠢ ᠳ᠋ᠦ᠋ᠩᠨᠠᠨᠠ᠃
ᠠᠢ ᠭᠦᠭᠡᠷᠦᠭᠦᠢ ︕ ᠠᠳᠠᠭ ᠰᠡᠭᠦᠯ ᠳ᠋ᠤᠨᠢ
ᠠᠪᠣ ᠵᠢᠨ ᠬᠡᠦᠬᠡᠳ ᠲᠤ ᠭᠢᠠᠵᠢ ᠥᠯᠡᠳᠡᠭᠡᠨ᠎ᠡ᠃
ᠡᠭᠡᠯ ᠭᠠᠷᠤᠯ ᠲᠡᠶ ᠴᠤ ᠡᠴᠦᠰ ᠤᠨ ᠮᠦᠴᠡ ᠳ᠋ᠤ
ᠡᠪᠳᠡᠢ ᠭᠠᠵᠠᠷ ᠶᠢᠡᠨ ᠶᠠᠰᠤ ᠣᠯᠵᠤ ᠠᠮᠠᠷᠠᠨ᠎ᠠ
ᠡᠷᠢᠶᠡᠨ ᠬᠤᠷᠸ᠎ᠠ ᠶᠢ ᠡᠭᠦᠷᠢᠳᠡ ᠮᠠᠷᠳᠠᠵᠤ
ᠡᠢ᠌ᠮᠤ ᠳᠠᠢ᠌ᠮᠤ ᠦᠭᠡᠶ ᠴᠢᠭᠢ ᠠᠮᠠᠷᠠᠨ᠎ᠠ
ᠡᠯᠢᠭᠡᠨ ᠰᠠᠳᠤᠨ ᠨᠢ ᠡᠭᠡᠷᠡᠳᠡᠯᠡ ᠣᠭᠢᠯᠠᠵᠤ
ᠡᠷᠳᠡᠨᠢᠳᠤ ᠪᠠᠶ᠎ᠠ ᠶᠢ ᠨᠢ ᠳᠡᠭ᠍ᠷᠢ ᠳᠤ ᠳᠡᠭ᠍ᠳᠡᠭᠡᠨᠡ
ᠡᠷᠭᠢᠭᠦ ᠳᠦᠷᠤᠯ ᠦᠨᠡᠨ ᠪᠠᠢ᠌ᠳᠠᠭ ᠪᠣᠯ ᠁
ᠡᠯᠢᠭᠡ ᠪᠠᠷ ᠶᠢᠡᠨ ᠵᠤᠯᠭᠠᠬᠤ ᠶᠢ᠌ ᠰᠢᠪᠰᠢᠨ ᠬᠤᠴᠤᠷᠤᠨ᠎ᠠ᠃
ᠳᠠᠩ ᠭᠠᠭᠴᠠ ᠳᠤᠷᠠᠰᠬᠤ ᠮᠠᠷᠳᠠᠬᠤ ᠬᠤᠶᠠᠷ ᠯᠠ
ᠳᠠᠪᠬᠤᠷ ᠴᠢᠭ᠌ ᠶᠢᠡᠷ ᠣᠨᠢᠰᠤᠭ᠎ᠠ ᠬᠠᠰᠢᠨᠠ᠃
ᠳᠡᠯᠡᠭᠡᠢ ᠳᠤ ᠬᠤᠴᠤᠷᠬᠤ ᠠᠯᠳᠠᠷ ᠨᠠᠷᠠ ᠵᠢ
ᠳᠡᠩᠨᠡᠭᠦᠷ ᠤᠨ ᠣᠳᠤᠨ ᠳᠤ ᠭᠡᠯᠪᠠᠯᠵᠢᠯ ᠨᠠᠮᠠᠨ᠎ᠠ
ᠲ᠋ᠡᠭ᠍ᠷᠢ ᠳᠤ ᠳᠠᠪᠰᠢᠬᠤ ᠳ᠋ᠧᠪᠠᠵᠠᠨ ᠤ ᠵᠠᠮ ᠳ᠋ᠤ
ᠳᠡᠷᠭᠡ ᠲᠡᠶ ᠮᠤᠷᠢ ᠲᠡᠶ ᠳᠤᠰ ᠲᠠᠭᠠᠨ ᠵᠠᠮᠨᠠᠨ᠎ᠠ
ᠶᠢᠰᠤᠨ ᠭᠦᠰᠡᠯ ᠶᠢᠡᠨ ᠡᠴᠦᠰ ᠲᠡᠭᠡᠨ ᠣᠷᠭᠢᠵᠤ
ᠶᠢᠷᠳᠢᠠᠴᠤ ᠶᠢᠨ ᠠᠮᠢᠳᠤᠷᠠᠯ ᠳᠤ ᠬᠤᠷᠭᠤᠳᠠᠭᠰᠠᠭᠠᠷ ᠣᠳᠤᠨ᠎ᠠ᠃
20011.8.8
ᠵᠤᠬᠢᠶᠠᠭᠴᠢ ᠶᠢᠨ ᠬᠠᠶᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12104
ᠴᠠᠭ᠄ 2011 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ